ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠥᠨᠥᠳᠥᠷ ᠵᠠᠷᠯᠢᠭ ᠭᠠᠷᠭᠠᠵᠤ᠂ ᠲᠤᠯᠭᠤᠷ ᠲᠥᠷᠦ ᠢᠢᠨ 2232 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠬᠰᠠᠨ ᠤ 817 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 112 ᠵᠢᠯ᠂ ᠠᠷᠠᠳ ᠤᠨ ᠬᠤᠪᠢᠰᠬᠠᠯ ᠤᠨ 102 ᠵᠢᠯ ᠦᠨ ᠣᠢ᠂ ᠤᠯᠤᠰ ᠤᠨ ᠪᠠᠶᠠᠷ ᠨᠠᠭᠠᠳᠤᠮ ᠤᠨ ᠦᠨᠳᠦᠰᠦᠨ ᠦ ᠪᠥᠬᠡ ᠢᠢᠨ ᠪᠠᠷᠢᠯᠳᠤᠭᠠᠨ ᠳᠤ ᠶᠢᠰᠦ ᠳᠠᠪᠠᠨ ᠲᠦᠷᠦᠭᠦᠯᠡᠭᠰᠡᠨ ᠠᠷᠤᠬᠠᠩ᠋ᠭᠠᠢ ᠠᠢᠢᠮᠠᠭ ᠤᠨ ᠴᠡᠩᠬᠡᠷ ᠰᠤᠮᠤ ᠢᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠪᠥᠬᠡ ᠪᠢᠯᠢᠭᠲᠦ》 ᠳᠡᠪᠵᠢᠶᠡᠨ ᠦ ᠪᠥᠬᠡ ᠮᠢᠬᠮᠠᠷ ᠤᠨ ᠪᠠᠳᠢᠷᠴᠢ ᠳ᠋ᠤ 《ᠤᠯᠤᠰ ᠤᠨ ᠠᠷᠰᠯᠠᠨ》 ᠴᠣᠯᠠ ᠣᠯᠭᠤᠪᠠ᠃
ᠮᠥᠨ ᠨᠠᠢᠮᠠ ᠳᠠᠪᠠᠨ ᠦᠵᠦᠭᠦᠷᠯᠡᠭᠰᠡᠨ ᠥᠪᠦᠷᠬᠠᠩ᠋ᠭᠠᠢ ᠠᠢᠢᠮᠠᠭ ᠤᠨ ᠲᠥᠭᠦᠷᠢᠭ᠌ ᠰᠤᠮᠤ ᠢᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠶᠡᠬᠡ ᠮᠣᠩ᠋ᠭᠣᠯ ᠤᠨ ᠬᠦᠴᠦᠲᠡᠨ》 ᠳᠡᠪᠵᠢᠶᠡᠨ ᠦ ᠪᠥᠬᠡ ᠴᠡᠷᠡᠩᠰᠣᠳᠨᠠᠮ ᠤᠨ ᠪᠢᠮᠪᠠ-ᠣᠣᠬᠠᠨ ᠳᠤ 《ᠤᠯᠤᠰ ᠤᠨ ᠭᠠᠷᠤᠳᠢ》 ᠴᠣᠯᠠ ᠣᠯᠭᠤᠯ᠎ᠠ᠃
《ᠤᠯᠤᠰ ᠤᠨ ᠠᠷᠰᠯᠠᠨ ᠴᠣᠯᠠ ᠣᠯᠭᠤᠬᠤ ᠲᠤᠬᠠᠢ》 ᠪᠣᠯᠤᠨ 《ᠤᠯᠤᠰ ᠤᠨ ᠭᠠᠷᠤᠳᠢ ᠴᠣᠯᠠ ᠣᠯᠭᠤᠬᠤ ᠲᠤᠬᠠᠢ》 ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ ᠤᠩᠰᠢᠵᠤ ᠰᠣᠨᠣᠷᠳᠠᠭᠤᠯᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠤᠯᠤᠰ ᠤᠨ ᠠᠷᠰᠯᠠᠨ ᠮᠢ᠂ ᠪᠠᠳᠢᠷᠴᠢ᠂ ᠤᠯᠤᠰ ᠤᠨ ᠭᠠᠷᠤᠳᠢ ᠴᠡ᠂ ᠪᠢᠮᠪᠠ-ᠣᠳᠬᠠᠨ ᠨᠠᠷ ᠲᠤ ᠴᠣᠯᠠᠨ ᠤ ᠪᠠᠲᠤᠯᠠᠮᠵᠢ ᠢᠢ ᠨᠢ ᠭᠠᠷᠳᠠᠭᠤᠯᠤᠨ ᠥᠭᠴᠦ᠂ ᠡᠩ᠋ᠭᠡᠷ ᠦᠨ ᠲᠡᠮᠳᠡᠭ ᠢ ᠨᠢ ᠵᠡᠭᠦᠵᠦ᠂ ᠪᠠᠶᠠᠷ ᠬᠦᠷᠭᠡᠯ ᠡ᠃