Та "Internet explorer"-ийн сүүлийн хувилбар болох "Microsoft edge"-г ашиглана уу

Хэрэв "Microsoft edge"-г татах бол энд дарж татаж авна уу

ᠲᠥᠷᠥ ᠢᠢᠨ ᠲᠠᠬᠢᠯᠭᠠᠲᠤ ᠠᠯᠲᠠᠨ ᠣᠪᠣᠭᠠᠨ ᠤ ᠲᠩᠷᠢ ᠢᠢ ᠲᠠᠢᠢᠬᠤ ᠶᠣᠰᠣᠯᠠᠯ ᠪᠣᠯᠪᠠ

ᠠᠯᠲᠠᠨ ᠣᠪᠣᠭᠠᠨ ᠤ ᠲᠩᠷᠢ ᠢᠢ ᠲᠠᠢᠢᠬᠤ ᠲᠥᠷᠥ ᠢᠢᠨ ᠲᠠᠬᠢᠯᠭ᠎ᠠ ᠢᠢᠨ ᠶᠣᠰᠣᠯᠠᠯ 2023 ᠣᠨ ᠤ 08 ᠳ᠋ᠤᠭᠠᠷ ᠰᠠᠷ᠎ᠠ ᠢᠢᠨ 05 ᠍ ᠤ ᠡᠳᠦᠷ ᠪᠤᠶᠤ XVII ᠵᠢᠷᠠᠨ ᠤ ᠦᠵᠡᠰᠬᠦᠯᠡᠩ ᠪᠣᠯᠭᠠᠭᠴᠢ ᠬᠡᠮᠡᠬᠦ ᠬᠠᠷᠠᠭᠴᠢᠨ ᠲᠠᠤᠯᠠᠢ ᠵᠢᠯ ᠦᠨ ᠵᠤᠨ ᠤ ᠠᠳᠠᠭ ᠰᠢᠷᠠᠭᠴᠢᠨ ᠬᠣᠨᠢ ᠰᠠᠷ᠎ᠠ ᠢᠢᠨ ᠬᠥᠬᠡᠭ᠍ᠴᠢᠨ ᠬᠣᠨᠢ ᠡᠳᠦᠷ ᠠᠯᠲᠠᠨ ᠣᠪᠣᠭᠠᠨ ᠤ ᠲᠠᠬᠢᠯᠭᠠᠳᠤ ᠣᠪᠣᠭᠠᠨ ᠳᠤ ᠪᠣᠯᠤᠯ᠎ᠠ᠃

ᠲᠠᠬᠢᠯᠭ᠎ᠠ ᠢᠢᠨ ᠶᠣᠰᠣᠯᠠᠯ ᠤᠨ ᠡᠮᠦᠨᠡᠬᠢ ᠣᠷᠣᠢ ᠯᠠᠮᠠ ᠬᠤᠸᠠᠷᠠᠭ ᠤᠳ ᠢᠲᠡᠭᠡᠯ᠂ ᠭᠠᠨᠳᠤᠩᠯᠠᠵᠠ᠂ ᠥᠯᠵᠡᠢᠢᠬᠤᠲᠤᠭ ᠪᠠᠭᠤᠯᠭᠠᠬᠤ ᠰᠠᠩ ᠪᠣᠯᠤᠨ ᠳᠣᠯᠣᠭᠠᠨ ᠪᠤᠷᠬᠠᠨ ᠣᠳᠣᠨ ᠲᠤᠰ ᠪᠦᠷᠢ ᠲᠥ ᠲᠠᠬᠢᠯᠭ᠎ᠠ ᠢᠢᠨ ᠨᠣᠮ ᠬᠤᠷᠠᠪᠠ᠃

ᠣᠪᠣᠭᠠᠨ ᠤ ᠲᠩᠷᠢ ᠢᠢ ᠲᠠᠢᠢᠬᠤ ᠶᠣᠰᠣᠯᠠᠯ ᠡᠬᠢᠯᠡᠬᠦ ᠦᠶ᠎ᠡ ᠳᠥ 《ᠭᠠᠨᠵᠤᠤᠷ》 ᠶᠡᠬᠡ ᠬᠥᠯᠭᠡᠨ ᠰᠤᠳᠤᠷ᠂ ᠨᠠᠢᠮᠠᠨ ᠲᠠᠬᠢᠯ ᠢ ᠲᠤᠰᠬᠠᠢᠢᠯᠠᠨ ᠵᠠᠯᠠᠵᠤ᠂ ᠯᠠᠮᠠ ᠨᠠᠷ ᠯᠠᠮᠠᠴᠤᠳᠤᠪᠠ᠂ ᠵᠢᠭᠵᠢᠳ᠂ ᠸᠴᠢᠷᠪᠠᠨᠢ᠂ ᠶᠦᠯᠲᠡᠢ ᠵᠡᠷᠭᠡ ᠨᠣᠮ ᠬᠤᠷᠠᠯ ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠦ ᠢᠢᠨ ᠪᠡᠯᠭᠡᠳᠡᠯ ᠢ ᠢᠯᠡᠷᠬᠡᠢᠢᠯᠡᠵᠦ᠂ ᠬᠦᠨᠳᠦᠲᠦ ᠬᠠᠷᠠᠭᠤᠯ ᠤᠨ ᠳᠥᠷᠪᠡᠨ ᠴᠡᠷᠢᠭ ᠢᠶᠡᠷ ᠬᠠᠮᠠᠭᠠᠯᠠᠭᠤᠯᠤᠨ ᠲᠤᠰᠬᠠᠢᠢᠯᠠᠨ ᠵᠠᠰᠠᠭᠰᠠᠨ ᠲᠠᠯᠠᠪᠠᠢ ᠳᠤ ᠬᠦᠷᠦᠯᠴᠡᠨ ᠢᠷᠡᠪᠡ᠃
ᠳᠠᠷᠠᠭ᠎ᠠ ᠨᠢ ᠬᠦᠨᠳᠦᠳᠥ ᠬᠠᠷᠠᠭᠤᠯ ᠤᠨ ᠴᠡᠷᠢᠭ ᠦᠳ ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡᠨ ᠦ ᠳᠣᠷᠣᠨ᠎ᠠ ᠢᠢᠨ ᠡᠯᠴᠢ ᠰᠦᠯᠳᠡ᠂ ᠰᠦᠬᠡᠪᠠᠭᠠᠲᠤᠷ ᠠᠢᠢᠮᠠᠭ ᠤᠨ ᠳᠠᠯᠪᠠᠭ᠎ᠠ᠂ ᠶᠡᠬᠡ ᠡᠵᠡᠨ ᠴᠢᠩ᠋ᠭᠢᠰ ᠬᠠᠭᠠᠨ ᠤ ᠬᠥᠷᠥᠭ᠂ ᠲᠥᠷᠥ ᠢᠢᠨ ᠳᠣᠯᠣᠭᠠᠨ ᠡᠷᠳᠡᠨᠢ ᠢᠢ ᠲᠠᠬᠢᠯ ᠤᠨ ᠰᠢᠷᠡᠭᠡᠨ ᠡ ᠵᠠᠯᠠᠵᠤ ᠪᠠᠢᠢᠷᠢᠯᠠᠭᠤᠯᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠡᠯᠡᠭᠰᠡᠨ ᠦᠭᠡᠨ ᠳᠥ ᠪᠡᠨ᠂ ᠠᠭᠤᠯᠠ ᠣᠪᠣᠭᠠᠨ ᠤ ᠲᠩᠷᠢ ᠢᠢ ᠲᠠᠢᠢᠬᠤ ᠶᠣᠰᠣᠯᠠᠯ ᠨᠢ ᠲᠡᠦᠬᠡ ᠰᠣᠶᠣᠯ ᠤᠨ ᠥᠪ᠂ ᠲᠥᠷᠦᠳᠦ ᠶᠣᠰᠣᠨ ᠤ ᠭᠦᠨ ᠤᠯᠠᠮᠵᠢᠯᠠᠯ ᠰᠢᠩ᠋ᠭᠡᠭ᠍ᠰᠡᠨ ᠡᠷᠬᠢᠮ ᠨᠠᠨᠳᠢᠨ ᠵᠠᠩ ᠦᠢᠯᠡ ᠭᠡᠳᠡᠭ ᠢ ᠲᠣᠳᠣᠳᠬᠠᠪᠠ᠃

ᠡᠷᠲᠡᠨ ᠦ ᠶᠡᠬᠡ ᠰᠢᠲᠦᠭᠡᠨ᠂ ᠠᠯᠲᠠᠨ ᠣᠪᠣᠭᠠᠨ ᠳᠤ ᠪᠠᠨ ᠪᠢᠰᠢᠷᠡᠯ᠂ ᠬᠦᠨᠳᠦᠳᠬᠡᠯ᠎ᠡ ᠦᠵᠡᠭᠦᠯᠵᠦ᠂ ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ ᠥᠪ ᠰᠣᠶᠣᠯ ᠢᠶᠠᠨ ᠳᠡᠭᠡᠳᠦᠯᠡᠵᠦ ᠪᠤᠢ ᠨᠢ ᠲᠡᠦᠬᠡ᠂ ᠶᠣᠰᠣ ᠵᠠᠩᠰᠢᠯ ᠢᠶᠠᠨ ᠡᠷᠬᠢᠮᠯᠡᠨ ᠬᠠᠳᠠᠭᠠᠯᠠᠵᠤ᠂ ᠦᠷ᠎ᠡ ᠬᠣᠢᠢᠴᠢ ᠳᠤ ᠪᠠᠨ ᠥᠪᠯᠡᠭᠦᠯᠦᠨ ᠦᠯᠡᠳᠡᠭᠡᠵᠦ᠂ ᠦᠨᠡᠲᠦ ᠵᠦᠢᠯ ᠢᠶᠡᠨ ᠪᠡᠬᠢᠵᠢᠭᠦᠯᠵᠦ ᠪᠠᠢᠢᠭ᠎ᠠ ᠬᠡᠷᠡᠭ ᠭᠡᠳᠡᠭ ᠢ ᠬᠡᠯᠡᠪᠡ᠃
ᠮᠥᠨ 《ᠭᠣᠣᠯ ᠮᠥᠷᠡᠨ᠂ ᠨᠠᠭᠤᠷ ᠴᠥᠭᠦᠷᠦᠮ᠂ ᠪᠤᠯᠠᠭ ᠱᠠᠩᠳᠠ᠂ ᠷᠠᠰᠢᠶᠠᠨ ᠤᠰᠤ ᠪᠠᠨ ᠬᠠᠮᠠᠭᠠᠯᠠᠵᠤ᠂ ᠤᠮᠳᠠᠨ ᠤ ᠤᠰᠤᠨ ᠤ ᠡᠬᠢ ᠢᠢ ᠰᠡᠷᠭᠦᠭᠡᠬᠦ᠂ ᠬᠥᠷᠥᠰᠥ ᠰᠢᠷᠣᠢ᠂ ᠣᠢ ᠮᠣᠳᠣ᠂ ᠤᠷᠭᠤᠮᠠᠯ᠂ ᠠᠮᠢᠲᠠᠨ ᠢᠶᠠᠨ ᠬᠠᠮᠠᠭᠠᠯᠠᠬᠤ ᠳᠤ ᠢᠷᠭᠡᠳ᠂ ᠢᠯᠠᠩ᠋ᠭᠤᠶ᠎ᠠ ᠵᠠᠯᠠᠭᠤᠴᠤᠳ ᠢᠳᠡᠪᠬᠢᠲᠡᠢ ᠣᠷᠣᠯᠴᠠᠵᠤ ᠪᠠᠢᠢᠭ᠎ᠠ ᠳ᠋ᠤ ᠲᠥᠷᠥ ᠢᠢᠨ ᠲᠡᠷᠢᠭᠦᠨ ᠪᠠᠶᠠᠷᠲᠠᠢ ᠪᠠᠢᠢᠨ᠎ᠠ᠃

ᠬᠠᠳᠠᠵᠤ ᠰᠢᠷᠭᠢᠭᠡᠳ ᠪᠠᠢᠢᠭᠰᠠᠨ ᠭᠠᠩ᠋ᠭ᠎ᠠ ᠨᠠᠭᠤᠷ ᠢᠶᠠᠨ ᠰᠡᠷᠭᠦᠭᠡᠭ᠍ᠰᠡᠨ ᠨᠢ ᠡᠭᠦᠨ ᠦ ᠨᠢᠭᠡ ᠲᠣᠳᠣ ᠵᠢᠱᠢᠶ᠎ᠡ》 ᠭᠡᠯ᠎ᠡ᠃

ᠶᠡᠷᠦᠩᠬᠡᠢᠢᠯᠡᠭᠴᠢ ᠢᠢ ᠦᠭᠡ ᠬᠡᠯᠡᠭᠰᠡᠨ ᠦ ᠳᠠᠷᠠᠭ᠎ᠠ ᠲᠤᠤᠯᠢᠴᠢ ᠠᠯᠲᠠᠨ ᠣᠪᠣᠭᠠᠨ ᠤ ᠮᠠᠭᠲᠠᠭᠠᠯ ᠬᠠᠢᠢᠯᠠᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠤᠶᠤᠯ᠂ ᠱᠠᠰᠢᠨ ᠤ ᠪᠣᠳᠣᠯᠭ᠎ᠠ ᠢᠢᠨ ᠵᠥᠪᠯᠡᠬᠦ ᠳᠤ‍᠂ ᠪᠤᠮ-ᠸᠴᠢᠷ ᠠᠯᠲᠠᠨ ᠣᠪᠣᠭᠠᠨ ᠤ ᠲᠩᠷᠢ ᠳᠦ ᠬᠠᠨᠳᠤᠭᠰᠠᠨ ᠠᠢᠢᠯᠠᠳᠬᠠᠯ ᠢ ᠳᠠᠭᠤᠳᠠᠨ ᠰᠣᠨᠣᠰᠬᠠᠵᠤ᠂ ᠲᠣᠷᠭᠠᠨ ᠳᠡᠭᠡᠷ᠎ᠡ ᠪᠢᠴᠢᠭᠰᠡᠨ ᠡᠬᠡ ᠬᠤᠪᠢ ᠢᠢ ᠨᠢ ᠠᠢᠢᠮᠠᠭ ᠤᠨ ᠮᠦᠽᠧᠢ ᠳᠥ ᠬᠠᠳᠠᠭᠠᠯᠠᠭᠤᠯᠬᠤ ᠪᠠᠷ ᠬᠦᠯᠢᠶᠡᠯᠭᠡᠨ ᠥᠭ᠍ᠪᠡ᠃

ᠳᠠᠷᠠᠭ᠎ᠠ ᠨᠢ ᠯᠠᠮᠠ ᠬᠤᠸᠠᠷᠠᠭ ᠤᠳ ᠪᠤᠮᠠᠨ ᠴᠠᠭᠠᠨ ᠰᠤᠳᠤᠷ᠂ ᠠᠯᠲᠠᠨ ᠣᠪᠣᠭᠠᠨ ᠤ ᠰᠠᠩ᠂ ᠳᠡᠪᠵᠢᠳ ᠰᠡᠷᠵᠢᠮ᠂ ᠵᠠᠠᠯᠠᠪ ᠴᠣᠭᠵᠠᠯ ᠨᠣᠮ ᠤᠩᠰᠢᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠩᠷᠢᠳᠦ ᠬᠦᠷᠭᠡᠬᠦ ᠳᠠᠭᠤᠲᠤ ᠰᠤᠮᠤ ᠢᠢ ᠰᠦᠬᠡᠪᠠᠭᠠᠲᠤᠷ ᠠᠢᠢᠮᠠᠭ ᠤᠨ ᠰᠦᠬᠡᠪᠠᠭᠠᠲᠤᠷ ᠰᠤᠮᠤ ᠢᠢᠨ ᠤᠤᠭᠠᠯ᠂ ᠠᠢᠢᠮᠠᠭ ᠤᠨ ᠮᠡᠷᠭᠡᠨ ᠬᠠᠷᠪᠤᠭᠠᠴᠢ ᠪ᠂ ᠪᠠᠲᠤ-ᠡᠷᠳᠡᠨᠢ ᠳᠥ ᠬᠦᠯᠢᠶᠡᠯᠭᠡᠨ ᠥᠭᠴᠦ᠂ ᠲᠤᠰ ᠠᠢᠢᠮᠠᠭ ᠤᠨ ᠳᠠᠷᠢᠭᠠᠩ᠋ᠭ᠎ᠠ ᠰᠤᠮᠤ ᠢᠢᠨ ᠮᠠᠯᠴᠢᠨ ᠪ᠂ ᠪᠠᠲᠤ ᠢᠢᠨ ᠠᠳᠤᠭᠤᠨ ᠰᠦᠷᠦᠭ ᠡᠴᠡ ᠰᠣᠩ᠋ᠭᠣᠭᠰᠠᠨ ᠮᠣᠷᠢ ᠢᠢ ᠲᠩᠷᠢ ᠢᠢᠨ ᠬᠦᠯᠦᠭ ᠪᠣᠯᠭᠠᠨ ᠰᠡᠲᠡᠷᠯᠡᠪᠡ᠃

ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡᠨ ᠦ ᠳᠣᠷᠣᠨ᠎ᠠ ᠢᠢᠨ ᠡᠯᠴᠢ ᠰᠦᠯᠳᠡ᠂ ᠰᠦᠬᠡᠪᠠᠭᠠᠲᠤᠷ ᠠᠢᠢᠮᠠᠭ ᠤᠨ ᠳᠠᠯᠪᠠᠭ᠎ᠠ᠂ ᠴᠢᠩ᠋ᠭᠢᠰ ᠬᠠᠭᠠᠨ ᠤ ᠬᠥᠷᠥᠭ ᠪᠣᠯᠤᠨ ᠲᠥᠷᠥ ᠢᠢᠨ ᠳᠣᠯᠣᠭᠠᠨ ᠡᠷᠳᠡᠨᠢ ᠢᠢ ᠪᠤᠴᠠᠭᠠᠵᠤ ᠵᠠᠯᠠᠭᠰᠠᠨ ᠢᠶᠠᠷ ᠠᠯᠲᠠᠨ ᠣᠪᠣᠭᠠᠨ ᠤ ᠲᠩᠷᠢ ᠢᠢ ᠲᠠᠢᠢᠬᠤ ᠲᠥᠷᠥ ᠢᠢᠨ ᠲᠠᠬᠢᠯᠭ᠎ᠠ ᠢᠢᠨ ᠶᠣᠰᠣᠯᠠᠯ ᠥᠨᠳᠥᠷᠯᠡᠪᠡ᠃

ᠮᠣᠩ᠋ᠭᠣᠯᠴᠤᠳ᠂ ᠲᠡᠷᠡ ᠳᠤᠮᠳᠠ ᠪᠠᠨ ᠳᠠᠷᠢᠭᠠᠩ᠋ᠭᠠᠴᠤᠳ ᠠᠯᠲᠠᠨ ᠣᠪᠣᠭ᠎ᠠ ᠢᠢ ᠪᠠᠨ ᠦᠶ᠎ᠡ ᠳᠠᠮᠵᠢᠨ ᠳᠡᠭᠡᠳᠦᠯᠡᠨ ᠰᠢᠲᠦᠵᠦ ᠢᠷᠡᠭᠰᠡᠨ᠃ ᠠᠩᠬ᠎ᠠ ᠪᠣᠭᠳᠠ ᠬᠠᠭᠠᠨ ᠤ ᠵᠠᠷᠯᠢᠭ ᠢᠶᠠᠷ 1913 ᠣᠨ ᠤ ᠨᠠᠮᠤᠷ ᠤᠨ ᠳᠤᠮᠳᠠ ᠰᠠᠷ᠎ᠠ ᠢᠢᠨ ᠭᠠᠯ ᠪᠡᠴᠢᠨ ᠡᠳᠦᠷ ᠦᠨ ᠯᠤᠤ ᠴᠠᠭ ᠲᠤ ᠠᠯᠲᠠᠨ ᠣᠪᠣᠭ᠎ᠠ ᠢᠢ ᠲᠠᠬᠢᠭᠰᠠᠨ ᠲᠡᠦᠬᠡ ᠲᠡᠢ ᠶᠤᠮ᠃