ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ 2023 ᠣᠨ ᠤ 08 ᠳ᠋ᠤᠭᠠᠷ ᠰᠠᠷ᠎ᠠ ᠢᠢᠨ 31 ᠍ ᠦ ᠡᠳᠦᠷ ᠡᠴᠡ 09 ᠳ᠋ᠤᠭᠡᠷ ᠰᠠᠷ᠎ᠠ ᠢᠢᠨ 04 ᠍ ᠦ ᠡᠳᠦᠷ ᠦᠳ ᠲᠥ ᠲᠥᠷᠥ ᠢᠢᠨ ᠠᠢᠢᠯᠴᠢᠯᠠᠯ ᠬᠢᠬᠦ ᠭᠡᠵᠦ ᠪᠠᠢᠢᠨ᠎ᠠ᠃
ᠲᠡᠦᠬᠡᠨ ᠠᠢᠢᠯᠴᠢᠯᠠᠯ ᠢ ᠤᠭᠲᠤᠨ ᠮᠣᠩ᠋ᠭᠣᠯ ᠪᠠᠩᠬᠢ᠂ ᠪᠦᠭᠦᠳᠡ ᠨᠠᠢᠢᠷᠠᠮᠳᠠᠬᠤ ᠢᠲ᠋ᠠᠯᠢ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤᠨ ᠬᠠᠮᠲᠤᠷᠠᠨ ᠭᠠᠷᠭᠠᠭᠰᠠᠨ 《ᠮᠣᠩ᠋ᠭᠣᠯ-ᠢᠲ᠋ᠠᠯᠢ》 ᠳᠤᠷᠠᠰᠬᠠᠯ ᠤᠨ ᠢᠯᠲᠠᠰᠤᠨ ᠵᠣᠭᠣᠰᠤᠨ ᠤ ᠨᠡᠭᠡᠭᠡᠯᠲᠡ ᠴᠢᠩ᠋ᠭᠢᠰ ᠬᠠᠭᠠᠨ ᠮᠦᠽᠧᠢ ᠳᠥ ᠪᠣᠯᠪᠠ᠃
ᠷᠣᠮᠠ ᠤᠨ ᠫᠠᠫ IV ᠢᠨᠨᠣᠰᠧᠨᠲ ᠡᠩᠬᠡ ᠲᠠᠢᠢᠪᠤᠩ ᠢ ᠬᠦᠰᠡᠨ ᠮᠣᠩ᠋ᠭᠣᠯ ᠤᠨ ᠶᠡᠬᠡ ᠬᠠᠭᠠᠨ ᠭᠦᠶᠥᠭ ᠲᠥ ᠪᠢᠴᠢᠭᠰᠡᠨ ᠵᠠᠬᠢᠳᠠᠯ ᠢ ᠳ᠋ᠢᠫᠯᠣᠮᠠᠲ ᠡᠯᠴᠢ ᠫᠯᠠᠨᠥ ᠳᠧ ᠺᠠᠷᠫᠢᠨᠢ ᠭᠠᠷᠳᠠᠭᠤᠯᠵᠤ ᠪᠠᠢᠢᠭ᠎ᠠ ᠢᠢ ᠵᠣᠭᠣᠰᠤᠨ ᠳᠤ ᠳᠦᠷᠰᠦᠯᠡᠭᠰᠡᠨ ᠪᠠᠢᠢᠨ᠎ᠠ᠃
ᠶᠡᠬᠡ ᠬᠠᠭᠠᠨ ᠳᠤ ᠪᠠᠷᠠᠭᠠᠯᠬᠠᠵᠤ ᠪᠠᠢᠢᠭ᠎ᠠ ᠡᠨᠡ ᠮᠥᠴᠡ ᠢᠢ ᠢᠲ᠋ᠠᠯᠢ ᠢᠢᠨ ᠵᠢᠷᠤᠭᠠᠴᠢ ᠵᠧᠷᠠᠷᠳᠣ ᠳᠣᠲ᠋ᠲ᠋ᠤᠷᠢ ᠵᠢᠷᠤᠭᠰᠠᠨ ᠪᠥᠭᠡᠳ 1949 ᠣᠨ ᠳᠤ ᠫᠯᠠᠨᠥ ᠳᠧ ᠺᠠᠷᠫᠢᠨᠢ ᠦᠨ ᠲᠥᠷᠥᠯᠬᠢ ᠨᠤᠲᠤᠭ ᠮᠠᠵᠢᠤᠨᠡ ᠬᠣᠲᠠ ᠢᠢᠨ ᠵᠠᠬᠢᠷᠭᠠᠨ ᠤ ᠵᠥᠪᠯᠡᠯ ᠦᠨ ᠲᠠᠩᠬᠢᠮ ᠤᠨ ᠬᠠᠨᠠᠨ ᠳᠤ ᠮᠥᠩᠬᠡᠯᠡᠭᠰᠡᠨ ᠪᠠᠢᠢᠳᠠᠭ᠃
ᠲᠠᠪᠤᠨ ᠭᠷᠠᠮ ᠵᠢᠩᠲᠡᠢ᠂ 999.9 ᠰᠣᠷᠢᠴᠠ ᠲᠠᠢ ᠴᠠᠭᠠᠨ ᠮᠥᠩ᠋ᠭᠥᠨ ᠢᠯᠲᠠᠰᠤᠨ ᠵᠣᠭᠣᠰ 50 ᠲᠥᠭᠥᠷᠢᠭ᠌ ᠦᠨ ᠨᠡᠷᠡᠯᠡᠭᠰᠡᠨ ᠦᠨ᠎ᠡ ᠲᠡᠢ᠂ 150 x 65 ᠮᠢᠯᠯᠢᠮᠧᠲ᠋ᠷ ᠬᠡᠮᠵᠢᠶ᠎ᠡ ᠲᠡᠢ ᠶᠤᠮ᠃
ᠨᠡᠭᠡᠭᠡᠯᠲᠡ ᠢᠢᠨ ᠶᠣᠰᠣᠯᠠᠯ ᠳᠤ ᠮᠣᠩ᠋ᠭᠣᠯ ᠪᠠᠩᠺᠢᠨ ᠤ ᠶᠡᠷᠦᠩᠬᠡᠢᠢᠯᠡᠭᠴᠢ ᠪ᠂ ᡀᠠᠭᠪᠠᠰᠦ᠋ᠷᠦᠩ᠂ ᠪᠦᠭᠦᠳᠡ ᠨᠠᠢᠢᠷᠠᠮᠳᠠᠬᠤ ᠢᠲ᠋ᠠᠯᠢ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠯᠠᠦ᠋ᠷᠠ ᠪᠤᠲ᠋ᠲ᠋ᠠ ᠪᠣᠯᠤᠨ ᠠᠯᠪᠠᠨ ᠤ ᠪᠤᠰᠤᠳ ᠬᠦᠮᠦᠨ ᠣᠷᠣᠯᠴᠠᠯ᠎ᠠ᠃
ᠳᠤᠷᠠᠰᠬᠠᠯ ᠤᠨ ᠵᠣᠭᠣᠰ ᠨᠢ ᠲᠡᠮᠳᠡᠭᠯᠡᠯᠲᠦ ᠣᠢ᠂ ᠣᠨᠴᠤᠭᠤᠢ ᠦᠢᠯᠡ ᠶᠠᠪᠤᠳᠠᠯ ᠳᠤ ᠵᠣᠷᠢᠭᠤᠯᠤᠭᠰᠠᠨ ᠵᠢᠷᠤᠭ ᠴᠢᠮᠡᠭᠯᠡᠯ᠂ ᠲᠤᠰᠬᠠᠢ ᠪᠢᠴᠢᠪᠦᠷᠢ ᠪᠡᠷ ᠢᠶᠡᠨ ᠪᠤᠰᠤᠳ ᠵᠣᠭᠣᠰᠤᠨ ᠠᠴᠠ ᠢᠯᠭᠠᠭ᠎ᠠ ᠲᠠᠢ ᠪᠥᠭᠡᠳ ᠨᠡᠷᠡᠯᠡᠭᠰᠡᠨ ᠦᠨ᠎ᠡ᠂ ᠪᠠᠩᠬᠢᠨ ᠤ ᠪᠡᠯᠭᠡ ᠲᠡᠮᠳᠡᠭ ᠢ ᠠᠭᠤᠯᠠᠳᠠᠭ᠃
ᠲᠧᠭᠨᠢᠭ᠂ ᠲᠧᠭᠨᠣᠯᠣᠭᠢ ᠢᠢᠨ ᠬᠥᠭ᠍ᠵᠢᠯᠲᠡᠢ ᠵᠡᠷᠭᠡᠴᠡᠨ ᠳᠤᠷᠠᠰᠬᠠᠯ ᠤᠨ ᠵᠣᠭᠣᠰ ᠢ ᠬᠡᠯᠪᠡᠷᠢ ᠬᠢᠴᠡ ᠢᠢᠨ ᠬᠤᠪᠢ ᠳᠤ ᠣᠯᠠᠨ ᠲᠥᠷᠥᠯ ᠢᠶᠡᠷ ᠦᠢᠯᠡᠳᠪᠦᠷᠢᠯᠡᠬᠦ ᠪᠣᠯᠤᠭᠰᠠᠨ ᠤ ᠨᠢᠭᠡ ᠨᠢ ᠢᠯᠲᠠᠰᠤᠨ ᠵᠣᠭᠣᠰ ᠶᠤᠮ᠃