Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠳᠥ ᠤᠷᠤᠯᠴᠠᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ 66 ᠳ᠋ᠠᠬᠢ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠳᠥ ᠣᠷᠣᠯᠴᠠᠯ᠎ᠠ᠃

2023-2024 ᠣᠨ ᠤ ᠬᠢᠴᠢᠶᠡᠯ ᠦᠨ ᠵᠢᠯ ᠳᠥ ᠲᠤᠰ ᠰᠤᠷᠭᠠᠭᠤᠯᠢ ᠳᠤ 1᠂000 ᠭᠠᠷᠤᠢ ᠣᠶᠤᠲᠠᠨ ᠰᠢᠨ᠎ᠡ ᠪᠡᠷ ᠡᠯᠰᠡᠨ ᠣᠷᠣᠭᠰᠠᠨ ᠪᠠᠢᠢᠨ᠎ᠠ᠃

ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ 2023 ᠣᠨ ᠤ 03 ᠳ᠋ᠤᠭᠠᠷ ᠰᠠᠷ᠎ᠠ ᠢᠢᠨ 29 ᠍ ᠦ ᠬᠤᠷᠠᠯᠳᠤᠭᠠᠨ ᠢᠶᠠᠷ ᠳᠡᠭᠡᠳᠦ ᠪᠣᠯᠪᠠᠰᠤᠷᠠᠯ ᠤᠨ ᠲᠡᠷᠢᠭᠦᠯᠡᠬᠦ 83 ᠮᠡᠷᠭᠡᠵᠢᠯ᠂ ᠬᠠᠮᠤᠭ ᠤᠨ ᠡᠷᠢᠯᠲᠡ ᠲᠡᠢ 38 ᠮᠡᠷᠭᠡᠵᠢᠯ ᠢ ᠪᠠᠲᠤᠯᠠᠭᠰᠠᠨ᠃

ᠡᠷᠡᠯᠲᠡ ᠲᠡᠢ ᠪᠣᠯᠤᠨ ᠲᠡᠷᠢᠭᠦᠯᠡᠬᠦ ᠮᠡᠷᠭᠡᠵᠢᠯ ᠦᠨ 70 ᠭᠠᠷᠤᠢ ᠬᠤᠪᠢ ᠢᠢ ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠪᠡᠯᠡᠳᠬᠡᠳᠡᠭ ᠪᠥᠭᠡᠳ ᠡᠨᠡ ᠬᠢᠴᠢᠶᠡᠯ ᠦᠨ ᠵᠢᠯ ᠳᠥ ᠲᠡᠷᠢᠭᠦᠯᠡᠬᠦ ᠴᠢᠭᠯᠡᠯ ᠪᠦᠬᠦᠢ 45 ᠮᠡᠷᠭᠡᠵᠢᠯ ᠦᠨ ᠬᠥᠲᠦᠯᠪᠦᠷᠢ ᠪᠡᠷ ᠮᠡᠷᠭᠡᠵᠢᠯᠲᠡᠨ ᠪᠡᠯᠡᠳᠬᠡᠨ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠡᠷᠳᠡᠮᠲᠡᠨ ᠪᠠᠭᠰᠢ᠂ ᠰᠤᠳᠤᠯᠤᠭᠠᠴᠢ᠂ ᠣᠶᠤᠲᠠᠨ ᠵᠠᠯᠠᠭᠤᠰ ᠲᠤ ᠠᠮᠵᠢᠯᠲᠠ ᠬᠦᠰᠡᠨ ᠢᠷᠦᠭᠡᠯ ᠡ᠃

ᠲᠡᠷᠡ ᠪᠡᠷ᠎《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》᠂ 》ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠪᠣᠳᠠᠲᠤ ᠦᠷ᠎ᠡ ᠳ᠋ᠦᠩ ᠳᠥ ᠬᠦᠷᠭᠡᠬᠦ ᠳᠥ ᠬᠥᠳᠡᠭᠡ ᠠᠵᠤ ᠠᠬᠤᠢ ᠢᠢᠨ ᠰᠠᠯᠪᠤᠷᠢ ᠲᠤ ᠠᠵᠢᠯᠯᠠᠭᠰᠠᠳ᠂ ᠪᠠᠶᠠᠯᠢᠭ ᠪᠦᠲᠦᠭᠡᠭ᠍ᠴᠢᠳ᠂ ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ᠂ ᠬᠠᠷᠢᠶ᠎ᠠ ᠡᠷᠳᠡᠮ ᠰᠢᠨᠵᠢᠯᠡᠭᠡᠨ ᠦ ᠪᠠᠢᠢᠭᠤᠯᠤᠯᠭ᠎ᠠ ᠨᠤᠭᠤᠳ᠂ ᠡᠷᠳᠡᠮᠲᠡᠨ ᠪᠠᠭᠰᠢ᠂ ᠰᠤᠳᠤᠯᠤᠭᠠᠴᠢ᠂ ᠢᠷᠡᠭᠡᠳᠦᠢ ᠢᠢᠨ ᠪᠣᠯᠪᠠᠰᠤᠨ ᠬᠦᠴᠦᠨ ᠨᠦᠭᠦᠳ ᠦᠨ ᠡᠭᠦᠷᠭᠡ᠂ ᠣᠷᠣᠯᠴᠠᠭ᠎ᠠ᠂ ᠮᠠᠩᠯᠠᠢᠢᠯᠠᠯ᠂ ᠬᠠᠮᠲᠤ ᠢᠢᠨ ᠠᠵᠢᠯᠯᠠᠭ᠎ᠠ ᠴᠢᠬᠤᠯᠠ ᠭᠡᠳᠡᠭ ᠢ ᠲᠡᠮᠳᠡᠭᠯᠡᠪᠡ᠃

ᠮᠥᠨ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠢ ᠰᠢᠨᠵᠢᠯᠡᠬᠦ ᠤᠬᠠᠭᠠᠨ ᠳᠤ ᠲᠤᠯᠭᠠᠭᠤᠷᠢᠯᠠᠨ᠂ ᠠᠮᠢᠳᠤᠷᠠᠯ ᠳᠤ ᠪᠦᠲᠦᠭᠡᠯᠴᠢ ᠪᠡᠷ ᠦᠷ᠎ᠡ ᠳ᠋ᠦᠩ ᠲᠡᠢ ᠬᠡᠷᠡᠭᠵᠢᠭᠦᠯᠬᠦ ᠵᠣᠷᠢᠯᠭ᠎ᠠ ᠪᠠᠷ 《ᠬᠦᠨᠡᠰᠦ᠂ ᠬᠥᠳᠡᠭᠡ ᠠᠵᠤ ᠠᠬᠤᠢ ᠢᠢᠨ ᠰᠠᠯᠪᠤᠷᠢ ᠢᠢᠨ ᠡᠷᠳᠡᠮᠲᠡᠳ ᠦᠨ ᠵᠥᠪᠯᠡᠯ》 ᠪᠠᠢᠢᠭᠤᠯᠤᠨ ᠠᠵᠢᠯᠯᠠᠬᠤ ᠰᠢᠢᠳᠪᠦᠷᠢ ᠭᠠᠷᠭᠠᠭᠰᠠᠨ ᠢ ᠬᠡᠯᠡᠪᠡ᠃

ᠴᠢᠨᠠᠭᠰᠢᠳᠠ ᠰᠢᠯᠢᠳᠡᠭ ᠪᠣᠯᠪᠠᠰᠤᠨ ᠬᠦᠴᠦᠨ ᠪᠡᠯᠡᠳᠬᠡᠬᠦ᠂ ᠳᠠᠪᠲᠠᠨ ᠰᠤᠷᠭᠠᠬᠤ᠂ ᠰᠢᠨ᠎ᠡ ᠲᠧᠭᠨᠢᠭ᠂ ᠲᠧᠭᠨᠣᠯᠣᠭᠢ ᠨᠡᠪᠲᠡᠷᠡᠭᠦᠯᠬᠦ᠂ ᠬᠦᠨᠡᠰᠦᠨ ᠦ ᠪᠦᠲᠦᠭᠡᠭ᠍ᠳᠡᠬᠦᠨ ᠦ ᠪᠡᠯᠡᠳᠬᠡᠨ ᠨᠡᠢᠢᠯᠡᠭᠦᠯᠦᠯᠲᠡ ᠢᠢᠨ ᠲᠣᠭᠲᠠᠯᠴᠠᠭ᠎ᠠ ᠢᠢ ᠰᠢᠨᠡᠴᠢᠯᠡᠨ ᠰᠠᠢᠢᠵᠢᠷᠠᠭᠤᠯᠬᠤ᠂ ᠨᠡᠮᠡᠭᠦᠦ ᠥᠷᠲᠡᠭ ᠰᠢᠩ᠋ᠭᠡᠭ᠍ᠰᠡᠨ ᠪᠦᠲᠦᠭᠡᠭ᠍ᠳᠡᠬᠦᠨ ᠦᠢᠯᠡᠳᠪᠦᠷᠢᠯᠡᠬᠦ᠂ ᠪᠡᠯᠴᠢᠭᠡᠷ ᠦᠨ ᠪᠣᠯᠤᠨ ᠡᠷᠴᠢᠮᠵᠢᠭᠰᠡᠨ ᠮᠠᠯ ᠠᠵᠤ ᠠᠬᠤᠢ ᠢᠢ ᠵᠥᠪ ᠵᠦᠢᠲᠡᠢ ᠬᠣᠣᠰᠯᠠᠭᠤᠯᠬᠤ᠂ ᠮᠠᠯ ᠤᠨ ᠡᠷᠡᠭᠦᠯ ᠮᠡᠨᠳᠦ ᠢᠢ ᠬᠠᠮᠠᠭᠠᠯᠠᠬᠤ᠂ ᠵᠠᠯᠠᠭᠤ ᠮᠠᠯᠴᠢᠳ ᠢ ᠪᠡᠯᠡᠳᠬᠡᠬᠦ ᠵᠡᠷᠭᠡ ᠲᠥ ᠠᠩᠬᠠᠷᠠᠬᠤ ᠤᠴᠢᠷ ᠲᠠᠢ ᠢᠢ ᠣᠨᠴᠠᠯᠠᠪᠠ᠃

ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠨᠢ ᠪᠦᠷᠢᠯᠳᠦᠬᠦᠨ ᠦ ᠵᠢᠷᠭᠤᠭᠠᠨ ᠰᠤᠷᠭᠠᠭᠤᠯᠢ᠂ ᠣᠷᠣᠨ ᠨᠤᠲᠤᠭ ᠤᠨ ᠰᠠᠯᠪᠤᠷᠢ ᠬᠣᠶᠠᠷ ᠰᠤᠷᠭᠠᠭᠤᠯᠢ᠂ ᠮᠣᠩ᠋ᠭᠣᠯ ᠤᠯᠤᠰ ᠤᠨ ᠲᠡᠷᠢᠭᠦᠯᠡᠬᠦ ᠡᠷᠳᠡᠮ ᠰᠢᠨᠵᠢᠯᠡᠭᠡᠨ ᠦ ᠳᠥᠷᠪᠡᠨ ᠬᠦᠷᠢᠶᠡᠯᠡᠩ ᠲᠡᠢ᠃

ᠪᠠᠺᠠᠯᠠᠸᠷ᠂ ᠮᠠᠭᠢᠰᠲ᠋ᠷ᠂ ᠳ᠋ᠣᠺᠲ᠋ᠣᠷ ᠤᠨ ᠱᠠᠲᠤᠯᠠᠭᠰᠠᠨ ᠰᠤᠷᠭᠠᠯᠲᠠ ᠳᠤ 10 ᠮᠢᠩ᠋ᠭ᠎ᠠ ᠭᠠᠷᠤᠢ ᠣᠶᠤᠲᠠᠨ ᠰᠤᠷᠤᠯᠴᠠᠵᠤ᠂ 1᠂200 ᠭᠠᠷᠤᠢ ᠡᠷᠳᠡᠮᠲᠡᠨ ᠰᠤᠳᠤᠯᠤᠭᠠᠴᠢ ᠠᠵᠢᠯᠯᠠᠵᠤ ᠪᠠᠢᠢᠨ᠎ᠠ᠃ ᠥᠩ᠋ᠭᠡᠷᠡᠭᠰᠡᠨ 81 ᠵᠢᠯ ᠦᠨ ᠢᠶᠡᠨ ᠲᠡᠦᠬᠡᠨ ᠳᠥ 35 ᠮᠢᠩ᠋ᠭ᠎ᠠ ᠭᠠᠷᠤᠢ ᠳᠡᠭᠡᠳᠦ ᠪᠣᠯᠪᠠᠰᠤᠷᠠᠯ ᠲᠠᠢ ᠮᠡᠷᠭᠡᠵᠢᠯᠲᠡᠨ ᠪᠡᠯᠡᠳᠬᠡᠨ ᠭᠠᠷᠭᠠᠵᠠᠢ᠃