Та "Internet explorer"-ийн сүүлийн хувилбар болох "Microsoft edge"-г ашиглана уу

Хэрэв "Microsoft edge"-г татах бол энд дарж татаж авна уу

ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ ᠤᠨ ᠠᠢᠢᠯᠴᠢᠯᠠᠯ ᠡᠬᠢᠯᠡᠯ᠎ᠡ

ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ 2023 ᠣᠨ ᠤ 08 ᠳ᠋ᠤᠭᠠᠷ ᠰᠠᠷ᠎ᠠ ᠢᠢᠨ 31 ᠍ ᠦ ᠡᠳᠦᠷ ᠡᠴᠡ 2023 ᠣᠨ ᠤ 09 ᠳ᠋ᠤᠭᠡᠷ ᠰᠠᠷ᠎ᠠ ᠢᠢᠨ 04 ᠍ ᠦ ᠡᠳᠦᠷ ᠦᠳ ᠲᠥ ᠲᠥᠷᠥ ᠢᠢᠨ ᠠᠢᠢᠯᠴᠢᠯᠠᠯ ᠬᠢᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ ᠢ ᠵᠠᠩᠵᠤᠨ ᠲᠡ‍᠂ ᠰᠦᠬᠡᠪᠠᠭᠠᠲᠤᠷ ᠤᠨ ᠲᠠᠯᠠᠪᠠᠢ ᠳᠤ ᠤᠭᠲᠤᠨ ᠠᠪᠤᠯ᠎ᠠ᠃
ᠲᠥᠷᠥ ᠢᠢᠨ ᠬᠦᠨᠳᠦᠳᠥ ᠬᠠᠷᠠᠭᠤᠯ ᠤᠨ ᠵᠠᠬᠢᠷᠤᠭᠴᠢ ᠠᠢᠢᠯᠠᠳᠬᠠᠯ ᠡᠷᠭᠦᠭ᠍ᠰᠡᠨ ᠦ ᠳᠠᠷᠠᠭ᠎ᠠ ᠬᠥᠭ᠍ᠵᠢᠮ ᠳ᠋ᠥ ᠬᠣᠶᠠᠷ ᠣᠷᠣᠨ ᠤ ᠲᠥᠷᠥ ᠢᠢᠨ ᠳᠠᠭᠤᠯᠠᠯ ᠡᠭᠡᠰᠢᠭᠯᠡᠪᠡ᠃

ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ ᠲᠥᠷᠥ ᠢᠢᠨ ᠬᠦᠨᠳᠦᠳᠥ ᠬᠠᠷᠠᠭᠤᠯ ᠤᠨ ᠴᠡᠷᠢᠭ ᠦᠳ ᠲᠡᠢ ᠮᠡᠨᠳᠦᠴᠢᠯᠡᠭᠰᠡᠨ ᠦ ᠳᠠᠷᠠᠭ᠎ᠠ ᠴᠡᠷᠢᠭ ᠦᠳ ᠶᠣᠰᠣᠯᠠᠯ ᠤᠨ ᠬᠦᠨᠳᠦᠳᠬᠡᠯ ᠦᠨ ᠵᠢᠬᠰᠠᠭᠠᠯ ᠢᠶᠠᠷ ᠠᠯᠬᠤᠨ ᠥᠩ᠋ᠭᠡᠷᠡᠪᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ ᠨᠠᠷ ᠤᠭᠲᠤᠬᠤ ᠶᠣᠰᠣᠯᠠᠯ ᠳᠤ ᠬᠦᠷᠦᠯᠴᠡᠨ ᠢᠷᠡᠭᠰᠡᠨ ᠬᠣᠶᠠᠷ ᠤᠯᠤᠰ ᠤᠨ ᠲᠥᠯᠥᠭᠡᠯᠡᠭᠴᠢᠳ᠂ ᠳ᠋ᠢᠫᠯᠣᠮᠠᠲ ᠲᠥᠯᠥᠭᠡᠯᠡᠭᠴᠢ ᠢᠢᠨ ᠭᠠᠵᠠᠷ ᠤᠨ ᠲᠡᠷᠢᠭᠦᠨ ᠨᠠᠷ ᠪᠣᠯᠤᠨ ᠣᠯᠠᠨ ᠤᠯᠤᠰ ᠤᠨ ᠪᠠᠢᠢᠭᠤᠯᠤᠯᠭ᠎ᠠ ᠤᠨ ᠰᠠᠭᠤᠷᠢᠨ ᠲᠥᠯᠥᠭᠡᠯᠡᠭᠴᠢᠳ ᠲᠡᠢ ᠮᠡᠨᠳᠦᠴᠢᠯᠡᠯ ᠡ᠃

ᠲᠥᠷᠥ ᠢᠢᠨ ᠲᠡᠷᠢᠭᠦᠨ ᠨᠠᠷ ᠶᠡᠬᠡ ᠡᠵᠡᠨ ᠴᠢᠩ᠋ᠭᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠦᠭᠰᠡᠨ ᠦ ᠳᠠᠷᠠᠭ᠎ᠠ ᠫᠠᠫ ᠹᠷᠠᠨᠼᠢᠰ ᠲᠥᠷᠥ ᠢᠢᠨ ᠣᠷᠳᠣᠨ ᠤ ᠬᠦᠨᠳᠦᠲᠦ ᠵᠣᠴᠢᠨ ᠤ ᠳᠡᠪᠲᠡᠷ ᠲᠥ ᠭᠠᠷ ᠤᠨ ᠦᠰᠦᠭ ᠵᠢᠷᠤᠪᠠ᠃
ᠳᠠᠷᠠᠭ᠎ᠠ ᠨᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ ᠨᠠᠷ ᠭᠠᠭᠴᠠᠭᠠᠷᠴᠢᠯᠠᠭᠰᠠᠨ ᠠᠭᠤᠯᠵᠠᠯᠲᠠ ᠬᠢᠪᠡ᠃
ᠫᠠᠫ ᠨᠢ ᠳᠡᠯᠡᠬᠡᠢ ᠢᠢᠨ 183 ᠤᠯᠤᠰ ᠲᠠᠢ ᠳ᠋ᠢᠫᠯᠣᠮᠠᠲ ᠬᠠᠷᠢᠯᠴᠠᠭ᠎ᠠ ᠲᠠᠢ ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠪᠥᠭᠡᠳ 1᠂3 ᠲᠡᠷᠪᠤᠮ ᠭᠠᠷᠤᠢ ᠰᠦᠰᠦᠭᠲᠡᠨ ᠲᠡᠢ ᠺᠠᠲ᠋ᠣᠯᠢᠺ ᠱᠠᠰᠢᠨ ᠤ ᠲᠡᠷᠢᠭᠦᠨ ᠶᠤᠮ᠃

ᠲᠡᠷᠡ ᠪᠡᠷ᠎ ᠭᠡᠭᠡᠨ ᠰᠢᠷᠡᠭᠡᠲᠦ ᠤᠯᠤᠰ ᠤᠨ ᠭᠠᠳᠠᠭᠠᠳᠤ ᠪᠣᠳᠣᠯᠭ᠎ᠠ᠂ ᠳ᠋ᠢᠫᠯᠣᠮᠠᠲ ᠦᠢᠯᠡ ᠠᠵᠢᠯᠯᠠᠭ᠎ᠠ ᠢᠢ ᠡᠮᠦᠨᠡᠬᠢ ᠦᠶ ᠡ ᠡᠴᠡ ᠢᠯᠡᠭᠦᠦ ᠢᠳᠡᠪᠬᠢᠲᠡᠢ ᠬᠡᠷᠡᠭᠵᠢᠭᠦᠯᠵᠦ ᠪᠠᠢᠢᠭ᠎ᠠ ᠪᠥᠭᠡᠳ 2013-2023 ᠣᠨ ᠳᠤ 62 ᠤᠯᠤᠰ ᠲᠤ᠂ ᠡᠭᠦᠨ ᠡᠴᠡ ᠮᠢᠶᠠᠨ᠋ᠮᠠᠷ᠂ ᠠᠷᠠᠪ ᠤᠨ ᠨᠢᠭᠡᠳᠦᠭᠰᠡᠨ ᠡᠮᠢᠷᠠᠲ᠂ ᠢᠷᠠᠺ᠂ ᠪᠠᠾᠷᠧᠢᠢᠨ ᠵᠡᠷᠭᠡ ᠤᠯᠤᠰ ᠲᠤ ᠠᠩᠬ᠎ᠠ ᠤᠳᠠᠭ᠎ᠠ ᠠᠢᠢᠯᠴᠢᠯᠠᠵᠠᠢ᠃

ᠭᠡᠭᠡᠨ ᠰᠢᠷᠡᠭᠡᠲᠦ ᠤᠯᠤᠰ ᠤᠨ ᠲᠥᠷᠥ ᠢᠢᠨ ᠲᠡᠷᠢᠭᠦᠨ ᠫᠠᠫ ᠹᠷᠠᠨᠼᠢᠰ

2013 ᠣᠨ ᠤ 03 ᠳ᠋ᠤᠭᠠᠷ ᠰᠠᠷ᠎ᠠ ᠢᠢᠨ 13 ᠍ ᠳᠥ 266 ᠳ᠋ᠠᠬᠢ ᠫᠠᠫ ᠪᠠᠷ ᠰᠣᠩ᠋ᠭᠣᠭᠳᠠᠭᠰᠠᠨ᠃ ᠧᠦ᠋ᠷᠣᠫᠠ ᠪᠤᠰᠤ ᠲᠢᠢᠪ ᠪᠣᠯᠤᠨ ᠶᠧᠰᠤᠢᠰ ᠢᠢᠨ ᠨᠡᠢᠢᠭᠡᠮᠯᠢᠭ᠌ ᠪᠤᠶᠤ ᠢᠧᠽᠦᠢᠲ ᠤᠨ ᠨᠡᠢᠢᠭᠡᠮᠯᠢᠭ᠌ ᠡᠴᠡ ᠰᠣᠩ᠋ᠭᠣᠭᠳᠠᠭᠰᠠᠨ ᠠᠩᠬᠠᠨ ᠤ ᠫᠠᠫ᠃ 1936 ᠣᠨ ᠤ 12 ᠳ᠋ᠤᠭᠠᠷ ᠰᠠᠷ᠎ᠠ ᠢᠢᠨ 17 ᠍ ᠳᠥ ᠠᠷᠭᠧᠨᠲ᠋ᠢᠨ ᠤᠯᠤᠰ ᠤᠨ ᠪᠤᠢᠡᠨᠣᠰ ᠠᠢᠢᠷᠧᠰ ᠬᠣᠲᠠᠨ᠎ᠠ ᠲᠦᠢᠷᠦᠭᠰᠡᠨ᠃

ᠪᠣᠯᠪᠠᠰᠤᠷᠠᠯ᠄

1986 ᠣᠨ ᠳᠤ ᠬᠤᠯᠪᠤᠭᠠᠨ ᠤ ᠪᠥᠬᠥᠳᠡ ᠨᠠᠢᠢᠷᠠᠮᠳᠠᠬᠤ ᠭᠧᠷᠮᠠᠨ ᠤᠯᠤᠰ ᠍ ᠤᠨ ᠹᠷᠠᠨᠺᠹᠦ᠋ᠷᠲ ᠬᠣᠲᠠ ᠢᠢᠨ ᠭᠦᠨ ᠤᠬᠠᠭᠠᠨ᠂ ᠱᠠᠰᠢᠨ ᠤ ᠨᠣᠮᠯᠠᠯ ᠰᠤᠳᠤᠯᠤᠯ ᠤᠨ ᠠᠷᠢᠭᠤᠨ ᠵᠣᠷᠵᠢ ᠢᠢᠨ ᠶᠡᠬᠡ ᠰᠤᠷᠭᠠᠭᠤᠯᠢ ᠳᠤ ᠳ᠋ᠣᠺᠲ᠋ᠣᠷ ᠤᠨ ᠵᠡᠷᠭᠡ᠂
1970-1971 ᠣᠨ ᠳᠤ ᠢᠰᠫᠠᠨᠢ ᠤᠯᠤᠰ ᠤᠨ ᠠᠯᠺᠠᠯᠠ ᠳᠡ‍ ᠡᠨᠠᠷᠧᠰ ᠤᠨ ᠶᠡᠬᠡ ᠰᠤᠷᠭᠠᠭᠤᠯᠢ ᠳᠤ ᠡᠷᠳᠡᠮ ᠦᠨ ᠵᠡᠷᠭᠡ᠂
1967-1970 ᠣᠨ ᠳᠤ ᠰᠠᠨ ᠾᠣᠰᠧ ᠤᠨ ᠺᠣᠯᠯᠧᠵᠢ ᠳᠤ ᠱᠠᠰᠢᠨ ᠤ ᠨᠣᠮᠯᠠᠯ ᠰᠤᠳᠤᠯᠤᠯ ᠤᠨ ᠡᠷᠳᠡᠮ ᠦᠨ ᠵᠡᠷᠭᠡ᠂
1963 ᠣᠨ ᠳᠤ ᠰᠠᠨ ᠮᠢᠭᠧᠯ ᠬᠣᠲᠠ ᠢᠢᠨ ᠰᠠᠨ ᠾᠣᠰᠧ ᠤᠨ ᠺᠣᠯᠯᠧᠵᠢ ᠳᠤ ᠭᠦᠨ ᠤᠬᠠᠭᠠᠨ ᠤ ᠯᠢᠼᠧᠨᠼᠢᠠᠲ ᠤᠨ ᠵᠡᠷᠭᠡ᠂
1958-1960 ᠣᠨ ᠳᠤ ᠴᠢᠯᠢ ᠤᠯᠤᠰ ᠲᠤ ᠬᠦᠮᠦᠨᠯᠢᠭ ᠦᠨ ᠴᠢᠭᠯᠡᠯ ᠢᠶᠡᠷ ᠰᠤᠷᠤᠯᠴᠠᠭᠰᠠᠨ᠂
1955-1958 ᠣᠨ ᠳᠤ ᠪᠤᠢᠡᠨᠣᠰ ᠠᠢᠢᠷᠧᠰ ᠬᠣᠲᠠ ᠢᠢᠨ ᠺᠠᠲ᠋ᠣᠯᠢᠺ ᠱᠠᠰᠢᠨ ᠤ ᠸᠢᠯᠢᠶ᠎ᠠ-ᠳᠧᠸᠣᠲ᠋ᠣ‍ ᠰᠤᠷᠭᠠᠭᠤᠯᠢ᠂
ᠪᠤᠢᠡᠨᠣᠰ ᠠᠢᠢᠷᠧᠰ ᠬᠣᠲᠠ ᠢᠢᠨ ᠠᠵᠤ ᠦᠢᠯᠡᠳᠪᠦᠷᠢ᠂ ᠲᠧᠭᠨᠢᠭ ᠦᠨ 27 ᠳ᠋ᠤᠭᠠᠷ ᠳᠤᠮᠳᠠ ᠰᠤᠷᠭᠠᠭᠤᠯᠢ ᠢᠢ ᠬᠢᠮᠢ ᠢᠢᠨ ᠲᠧᠺᠨᠣᠯᠣᠭᠢᠴᠢ ᠮᠡᠷᠭᠡᠵᠢᠯ ᠢᠶᠡᠷ ᠲᠡᠭᠦᠰᠦᠭᠰᠡᠨ᠃


ᠠᠵᠢᠯᠯᠠᠭᠰᠠᠨ ᠪᠠᠢᠢᠳᠠᠯ᠄

2013 ᠣᠨ ᠤ 03 ᠳ᠋ᠤᠭᠠᠷ ᠰᠠᠷ᠎ᠠ ᠢᠢᠨ 13 ᠍ ᠳᠥ 266 ᠳ᠋ᠠᠬᠢ ᠫᠠᠫ ᠢᠢᠠᠷ ᠰᠣᠩ᠋ᠭᠣᠭᠳᠠᠭᠰᠠᠨ᠂
2001-2013 ᠣᠨ ᠳᠤ ᠭᠡᠭᠡᠨ ᠰᠢᠷᠡᠭᠡᠲᠦ ᠤᠯᠤᠰ ᠤᠨ ᠺᠠᠷᠳ᠋ᠢᠨᠠᠯ ᠢᠶᠠᠷ ᠲᠣᠮᠢᠯᠠᠭᠳᠠᠵᠤ᠂ ᠰᠠᠨᠸᠠᠷᠲᠠᠨ ᠤ ᠠᠰᠠᠭᠤᠳᠠᠯ ᠬᠠᠷᠢᠭᠤᠴᠠᠭᠰᠠᠨ ᠶᠠᠮᠤᠨ᠂ ᠵᠠᠩ ᠦᠢᠯᠡ ᠶᠣᠰᠣᠯᠠᠯ ᠤᠨ ᠠᠰᠠᠭᠤᠳᠠᠯ ᠬᠠᠷᠢᠭᠤᠴᠠᠭᠰᠠᠨ ᠶᠠᠮᠤᠨ᠂ ᠺᠠᠲ᠋ᠣᠯᠢᠺ ᠱᠠᠰᠢᠨ ᠤ ᠪᠠᠢᠢᠭᠤᠯᠤᠯᠭ᠎ᠠ ᠨᠤᠭᠤᠳ ᠤᠨ ᠠᠰᠠᠭᠤᠳᠠᠯ ᠬᠠᠷᠢᠭᠤᠴᠠᠭᠰᠠᠨ ᠶᠠᠮᠤᠨ ᠳᠤ ᠠᠵᠢᠯᠯᠠᠭᠰᠠᠨ᠂
1998-2001 ᠣᠨ ᠳᠤ ᠪᠤᠢᠡᠨᠣᠰ ᠠᠢᠢᠷᠧᠰ ᠤᠨ ᠲᠡᠷᠢᠭᠦᠨ ᠬᠠᠩᠪᠤ᠂
1992-1998 ᠣᠨ ᠳᠤ ᠪᠤᠢᠡᠨᠣᠰ ᠠᠢᠢᠷᠧᠰ ᠤᠨ ᠬᠠᠩᠪᠤ᠂
1986- 1992 ᠣᠨ ᠳᠤ ᠠᠷᠭᠧᠨᠲ᠋ᠢᠨ ᠤ ᠺᠣᠷᠳᠣᠳᠠ ᠬᠣᠲᠠ ᠢᠢᠨ ᠲᠡᠷᠢᠭᠦᠨ ᠬᠠᠩᠪᠤ ᠢᠢᠨ ᠭᠠᠵᠠᠷ ᠲᠤ ᠰᠠᠨᠸᠠᠷᠲᠠᠨ᠂
1980-1986 ᠣᠨ ᠳᠤ ᠰᠠᠨ ᠾᠣᠰᠧ ᠤᠨ ᠺᠣᠯᠯᠧᠵᠢ ᠢᠢᠨ ᠷᠧᠺᠲ᠋ᠣᠷ᠂
1973-1979 ᠣᠨ ᠳᠤ ᠠᠷᠭᠧᠨᠲ᠋ᠢᠨ ᠳ᠋ᠠᠬᠢ ᠢᠧᠽᠤᠢᠲ ᠤᠨ ᠨᠡᠢᠢᠭᠡᠮᠯᠢᠭ᠌ ᠦᠨ ᠲᠡᠷᠢᠭᠦᠨ᠂
1969-1973 ᠣᠨ ᠳᠤ ᠠᠷᠭᠧᠨᠲ᠋ᠢᠨ ᠳ᠋ᠠᠬᠢ ᠢᠧᠽᠤᠢᠲ ᠤᠨ ᠨᠡᠢᠢᠭᠡᠮᠯᠢᠭ᠌᠂
1969 ᠣᠨ ᠳᠤ ᠰᠠᠬᠢᠯ ᠬᠦᠷᠲᠡᠭᠰᠡᠨ᠂
1964-1966 ᠣᠨ ᠳᠤ ᠰᠠᠨᠲ᠋ᠠ ᠹᠧ᠂ ᠪᠤᠢᠡᠨᠣᠰ ᠠᠢᠢᠷᠧᠰ ᠬᠣᠲᠠ ᠢᠢᠨ ᠺᠠᠲ᠋ᠣᠯᠢᠺ ᠱᠠᠰᠢᠨ ᠤ ᠺᠣᠯᠯᠧᠵᠢ ᠳᠤ ᠤᠳᠬ᠎ᠠ ᠵᠣᠬᠢᠶᠠᠯ᠂ ᠰᠡᠳᠬᠢᠯ ᠰᠤᠳᠤᠯᠤᠯ ᠤᠨ ᠪᠠᠭᠰᠢ᠂
1958 ᠣᠨ ᠳᠤ ᠶᠡᠰᠤᠢᠰ ᠢᠢᠨ ᠨᠡᠢᠢᠭᠡᠮᠯᠢᠭ᠌ ᠪᠤᠶᠤ ᠢᠧᠽᠤᠢᠲ ᠤᠨ ᠨᠡᠢᠢᠭᠡᠮᠯᠢᠭ᠌ ᠲᠥ ᠡᠯᠰᠡᠭᠰᠡᠨ᠂
ᠢᠰᠫᠠᠨᠢ᠂ ᠢᠲ᠋ᠠᠯᠢ᠂ ᠭᠧᠷᠮᠠᠨ ᠬᠡᠯᠡ ᠲᠡᠢ᠃