ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠰᠡᠯᠡᠩ᠋ᠭᠡ ᠠᠢᠢᠮᠠᠭ ᠤᠨ ᠴᠠᠭᠠᠨᠨᠠᠭᠤᠷ ᠰᠤᠮᠤ ᠢᠢᠨ ᠨᠤᠲᠤᠭ ᠳ᠋ᠠᠬᠢ 《ᠮ-ᠲᠢ-ᠡᠰ》 ᠭᠷᠤᠢᠫᠫ ᠤᠨ 《ᠰᠡᠯᠡᠩ᠋ᠭᠡ ᠲᠠᠷᠢᠶ᠎ᠠ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠍ ᠦᠨ ᠲᠠᠷᠢᠶᠠᠯᠠᠩ ᠤᠨ ᠲᠠᠯᠠᠪᠠᠢ ᠳᠤ ᠠᠵᠢᠯᠯᠠᠪᠠ᠃
2023 ᠣᠨ ᠳᠤ ᠤᠯᠤᠰ ᠤᠨ ᠬᠡᠮᠵᠢᠶᠡᠨ ᠳᠥ 369.3 ᠮᠢᠩ᠋ᠭᠠᠨ ᠭᠠ᠂ ᠳᠥ ᠦᠷ᠎ᠡ ᠲᠠᠷᠢᠶ᠎ᠠ᠂ ᠡᠭᠦᠨ ᠡᠴᠡ 345.4 ᠮᠢᠩ᠋ᠭᠠᠨ ᠭᠠ᠂ ᠳᠥ ᠤᠯᠠᠭᠠᠨᠪᠤᠭᠤᠳᠠᠢ᠂ 18.4 ᠮᠢᠩ᠋ᠭᠠᠨ ᠭᠠ᠂ ᠳᠥ ᠲᠥᠮᠥᠰᠥ᠂ 13.9 ᠮᠢᠩ᠋ᠭᠠᠨ ᠭᠠ᠂ ᠳᠥ ᠬᠦᠨᠡᠰᠦᠨ ᠦ ᠨᠣᠭᠣᠭ᠎ᠠ᠂ 89.3 ᠮᠢᠩ᠋ᠭᠠᠨ ᠭᠠ᠂ ᠲᠤ ᠮᠠᠯ ᠤᠨ ᠲᠡᠵᠢᠭᠡᠯ᠂ 131.7 ᠮᠢᠩ᠋ᠭᠠᠨ ᠭᠠ᠂ ᠳᠥ ᠲᠣᠰᠤᠨ ᠤ ᠤᠷᠭᠤᠮᠠᠯ᠂ 7 ᠮᠢᠩ᠋ᠭᠠᠨ ᠭᠠ᠂ ᠳᠤ ᠵᠢᠮᠢᠰ᠂ ᠵᠢᠮᠢᠰᠬᠡᠨ᠎ᠡ᠂ ᠨᠡᠢᠢᠲᠡ ᠳᠥ ᠪᠡᠨ 629.6 ᠮᠢᠩ᠋ᠭᠠᠨ ᠭᠠ᠂ ᠳᠤ ᠲᠠᠷᠢᠶᠠᠯᠠᠯᠲᠠ ᠬᠢᠭ᠍ᠰᠡᠨ᠃
ᠤᠷᠢᠳᠴᠢᠯᠠᠭᠰᠠᠨ ᠪᠠᠯᠠᠨᠰ ᠢᠶᠠᠷ ᠤᠯᠠᠭᠠᠨᠪᠤᠭᠤᠳᠠᠢ᠂ ᠲᠥᠮᠦᠰᠦᠨ ᠦ ᠬᠡᠷᠡᠭᠴᠡᠭᠡ ᠢᠢ 100 ᠬᠤᠪᠢ᠂ ᠬᠦᠨᠡᠰᠦᠨ ᠦ ᠨᠣᠭᠣᠭᠠᠨ ᠤ 80 ᠭᠠᠷᠤᠢ ᠬᠤᠪᠢ ᠢᠢ ᠳᠣᠲᠣᠭᠠᠳᠤ ᠢᠢᠨ ᠤᠷᠭᠤᠴᠠ ᠠᠴᠠ ᠬᠠᠩ᠋ᠭᠠᠬᠤ ᠪᠣᠯᠤᠮᠵᠢ ᠪᠦᠷᠢᠳᠴᠦ ᠪᠠᠢᠢᠭ᠎ᠠ ᠲᠠᠯ᠎ᠠ ᠪᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠲᠠᠨᠢᠯᠴᠠᠭᠤᠯᠪᠠ᠃
ᠢᠩ᠋ᠭᠢᠭ᠍ᠰᠡᠨ ᠢᠶᠡᠷ ᠤᠯᠠᠭᠠᠨᠪᠤᠭᠤᠳᠠᠢ ᠢᠢᠨ ᠦᠢᠯᠡᠳᠪᠦᠷᠢᠯᠡᠯ ᠥᠩ᠋ᠭᠡᠷᠡᠭᠰᠡᠨ ᠣᠨ ᠠᠴᠠ 17 ᠬᠤᠪᠢ ᠪᠠᠷ᠂ ᠬᠦᠨᠡᠰᠦᠨ ᠦ ᠨᠣᠭᠣᠭᠠᠨ ᠤ ᠦᠢᠯᠡᠳᠪᠦᠷᠢᠯᠡᠯ 18.3 ᠬᠤᠪᠢ ᠪᠠᠷ᠂ ᠮᠠᠯ ᠤᠨ ᠲᠡᠵᠢᠭᠡᠯ 42.4 ᠬᠤᠪᠢ ᠪᠠᠷ ᠦᠰᠬᠦ ᠲᠣᠭᠠᠴᠠᠭᠠᠯᠠᠯ ᠭᠠᠷᠴᠠᠢ᠃
《ᠰᠡᠯᠡᠩ᠋ᠭᠡ ᠲᠠᠷᠢᠶ᠎ᠠ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠨᠢ 12 ᠮᠢᠩ᠋ᠭᠠᠨ ᠭᠠ᠂ ᠡᠷᠭᠢᠯᠲᠡ ᠢᠢᠨ ᠲᠠᠯᠠᠪᠠᠢ ᠲᠠᠢ ᠪᠥᠭᠡᠳ 1 ᠭᠠ᠂ ᠲᠤᠲᠤᠮ ᠠᠴᠠ 20-22 ᠼᠧᠨᠲ᠋ᠨᠧᠷ ᠤᠯᠠᠭᠠᠨᠪᠤᠭᠤᠳᠠᠢ ᠪᠣᠯᠤᠨ ᠦᠷ᠎ᠡ ᠲᠠᠷᠢᠶ᠎ᠠ ᠬᠤᠷᠢᠶᠠᠨ ᠠᠪᠴᠤ᠂ 《ᠤᠯᠠᠭᠠᠨᠪᠠᠭᠠᠲᠤᠷ ᠭᠤᠯᠢᠷ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ᠂ 《ᠥᠭ᠍ᠭᠦᠭᠡᠴᠢ ᠭᠤᠯᠢᠷ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠂ 《ᠥᠶᠥᠭ ᠭᠤᠯᠢᠷ》 ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ᠂ 《ᠠᠫᠤ》ᠬᠤᠪᠢᠴᠠᠭᠠᠲᠤ ᠺᠣᠮᠫᠠᠨᠢ ᠂ 《ᠰ᠂ᠪ᠂ᠪ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ᠂ 《ᠮᠠᠢᠢᠨᠳ᠋ ᠲᠧᠾ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠵᠡᠷᠭᠡ ᠺᠣᠮᠫᠠᠨᠢ ᠳᠤ ᠨᠡᠢᠢᠯᠡᠭᠦᠯᠵᠦ ᠪᠠᠢᠢᠨ᠎ᠠ᠃
《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 《ᠰᠡᠯᠡᠩ᠋ᠭᠡ ᠲᠠᠷᠢᠶ᠎ᠠ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠨᠢ 《ᠠᠩᠬᠠᠨ ᠱᠠᠲᠤᠨ ᠤ ᠦᠷ᠎ᠡ ᠦᠷᠡᠵᠢᠭᠦᠯᠭᠡ ᠢᠢᠨ ᠲᠥᠪ᠂ ᠦᠲᠦᠷᠮ᠎ᠡ ᠪᠠᠢᠢᠭᠤᠯᠬᠤ》 ᠲᠥᠰᠥᠯ ᠳᠥ ᠬᠠᠮᠤᠷᠤᠭᠳᠠᠵᠤ᠂ ᠬᠥᠩ᠋ᠭᠡᠯᠡᠯᠲᠡ ᠲᠡᠢ ᠵᠢᠭᠡᠯᠡ ᠠᠪᠴᠠᠢ᠃
ᠲᠥᠰᠥᠯ ᠦᠨ ᠬᠦᠷᠢᠶᠡᠨ ᠳᠥ ᠰᠡᠯᠡᠩ᠋ᠭᠡ ᠠᠢᠢᠮᠠᠭ ᠤᠨ ᠴᠠᠭᠠᠨᠨᠠᠭᠤᠷ ᠰᠤᠮᠤᠨ ᠳᠤ ᠨᠡᠢᠢᠲᠡ 7᠂500 ᠲᠣᠨ᠋ᠨ ᠤᠯᠠᠭᠠᠨᠪᠤᠭᠤᠳᠠᠢ᠂ ᠦᠷ᠎ᠡ ᠲᠠᠷᠢᠶ᠎ᠠ ᠬᠠᠳᠠᠭᠠᠯᠠᠬᠤ ᠬᠦᠴᠦᠨ ᠴᠢᠳᠠᠯ ᠲᠠᠢ᠂ ᠬᠠᠲᠠᠭᠠᠯᠭᠠ ᠪᠣᠯᠤᠨ ᠴᠡᠪᠡᠷᠯᠡᠭᠡᠨ ᠦ ᠪᠦᠷᠢᠨ ᠠᠦ᠋ᠲ᠋ᠣᠮᠠᠲ᠋ᠵᠢᠭᠤᠯᠤᠭᠰᠠᠨ ᠦᠲᠦᠷᠮ᠎ᠡ ᠰᠢᠨ᠎ᠡ ᠪᠡᠷ ᠪᠠᠢᠢᠭᠤᠯᠬᠤ ᠪᠠᠷ ᠠᠵᠢᠯᠯᠠᠵᠤ ᠪᠠᠢᠢᠨ᠎ᠠ᠃
ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠰᠠᠯᠪᠤᠷᠢ ᠢᠢᠨ ᠠᠵᠤ ᠠᠬᠤᠢ ᠢᠢᠨ ᠨᠢᠭᠡᠴᠡ ᠨᠦᠭᠦᠳ ᠲᠥ ᠴᠠᠭ ᠦᠶ ᠡ ᠪᠡᠨ ᠣᠯᠤᠭᠰᠠᠨ᠂ ᠪᠣᠳᠠᠲᠤ ᠳᠡᠮᠵᠢᠯᠭᠡ ᠦᠵᠡᠭᠦᠯᠵᠦ᠂ ᠦᠷ᠎ᠡ ᠠᠰᠢᠭ ᠢ ᠨᠢ ᠬᠦᠷᠢᠲᠦᠵᠦ ᠡᠬᠢᠯᠡᠭᠰᠡᠨ ᠳᠥ ᠲᠠᠯᠠᠷᠬᠠᠯ ᠲᠠᠢ ᠪᠠᠢᠢᠭ᠎ᠠ ᠪᠠᠨ 《ᠮ-ᠲᠢ-ᠡᠰ》 ᠭᠷᠤᠢᠫᠫ ᠤᠨ ᠶᠡᠷᠦᠩᠬᠡᠢ ᠵᠠᠬᠢᠷᠤᠯ ᠫ᠂ ᠪᠠᠲᠤ-ᠡᠷᠳᠡᠨᠢ ᠡᠨᠡ ᠦᠶ᠎ᠡ ᠪᠡᠷ ᠬᠡᠯᠡᠵᠦ ᠪᠠᠢᠢᠪᠠ᠃
ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠤᠯᠤᠰ ᠤᠨ ᠶᠡᠬᠡ ᠬᠤᠷᠠᠯ 36 ᠳ᠋ᠤᠭᠠᠷ ᠲᠣᠭᠲᠠᠭᠠᠯ ᠢ ᠪᠠᠲᠤᠯᠠᠵᠤ᠂ ᠢᠷᠡᠬᠦ ᠲᠠᠪᠤᠨ ᠵᠢᠯ ᠦᠨ ᠬᠤᠭᠤᠴᠠᠭᠠᠨ ᠳᠤ ᠬᠦᠨᠡᠰᠦ᠂ ᠬᠥᠳᠡᠭᠡ ᠠᠵᠤ ᠠᠬᠤᠢ ᠢᠢᠨ ᠰᠠᠯᠪᠤᠷᠢ ᠲᠤ 1.7 ᠶᠡᠬᠡ ᠨᠠᠶᠤᠳ ᠲᠥᠭᠥᠷᠢᠭ᠌ ᠦᠨ ᠬᠥᠷᠥᠩ᠋ᠭᠡ ᠣᠷᠣᠭᠤᠯᠤᠯᠲᠠ᠂ ᠰᠠᠩᠬᠦᠵᠢᠯᠲᠡ ᠢᠢ ᠬᠢᠬᠦ ᠪᠡᠷ ᠰᠢᠢᠳᠪᠦᠷᠢᠯᠡᠭᠰᠡᠨ᠃
ᠡᠨᠡ ᠳᠠᠭᠠᠭᠤ ᠠᠷᠠᠯᠵᠢᠶᠠᠨ ᠤ 10 ᠪᠠᠩᠬᠢ ᠵᠢᠯ ᠦᠨ 3-5 ᠬᠤᠪᠢ ᠤᠨ ᠬᠡᠦ ᠲᠡᠢ᠂ 3-5 ᠵᠢᠯ ᠦᠨ ᠬᠤᠭᠤᠴᠠᠭ᠎ᠠ ᠲᠠᠢ᠂ ᠨᠡᠢᠢᠲᠡ ᠨᠢᠭᠡ ᠶᠡᠬᠡ ᠨᠠᠶᠤᠳ ᠲᠥᠭᠥᠷᠢᠭ᠌ ᠬᠦᠷᠲᠡᠯᠡᠬᠢ ᠵᠢᠭᠡᠯᠡ ᠢᠢ ᠦᠢᠯᠡᠳᠪᠦᠷᠢ ᠡᠷᠬᠢᠯᠡᠭᠴᠢᠳ ᠲᠥ ᠣᠯᠭᠤᠵᠤ ᠪᠠᠢᠢᠭ᠎ᠠ ᠶᠤᠮ᠃
ᠥᠨᠥᠳᠥᠷ ᠢ ᠬᠦᠷᠲᠡᠯ᠎ᠡ ᠨᠡᠢᠢᠲᠡ 1᠂700 ᠭᠠᠷᠤᠢ ᠠᠵᠤ ᠠᠬᠤᠢ ᠢᠢᠨ ᠨᠢᠭᠡᠴᠡ 440 ᠣᠷᠴᠢᠮ ᠲᠡᠷᠪᠤᠮ ᠲᠥᠭᠥᠷᠢᠭ᠌ ᠦᠨ ᠬᠥᠷᠥᠩ᠋ᠭᠡ ᠣᠷᠣᠭᠤᠯᠤᠯᠲᠠ ᠢᠢᠨ ᠪᠣᠯᠤᠨ ᠡᠷᠭᠢᠬᠦ ᠬᠥᠷᠥᠩ᠋ᠭᠡ ᠢᠢᠨ ᠵᠢᠭᠡᠯᠡ ᠠᠪᠤᠭᠠᠳ ᠪᠠᠢᠢᠨ᠎ᠠ᠃ ᠡᠭᠦᠨ ᠳᠥ ᠭᠠᠵᠠᠷ ᠲᠠᠷᠢᠶᠠᠯᠠᠩ ᠤᠨ ᠰᠠᠯᠪᠤᠷᠢ ᠲᠤ ᠦᠢᠯᠡ ᠠᠵᠢᠯᠯᠠᠭ᠎ᠠ ᠶᠠᠪᠤᠭᠤᠯᠵᠤ ᠪᠤᠢ 1᠂200 ᠠᠵᠤ ᠠᠬᠤᠢ ᠢᠢᠨ ᠨᠢᠭᠡᠴᠡ ᠪᠠᠬᠠᠳᠠᠵᠤ ᠪᠤᠢ ᠪᠥᠭᠡᠳ ᠨᠡᠢᠢᠲᠡ 150 ᠲᠡᠷᠪᠤᠮ ᠲᠥᠭᠥᠷᠢᠭ᠌ ᠦᠨ ᠬᠥᠩ᠋ᠭᠡᠯᠡᠯᠲᠡ ᠲᠡᠢ ᠵᠢᠭᠡᠯᠡ ᠢᠢ ᠠᠪᠴᠠᠢ᠃
《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠮᠥᠨ ᠵᠢᠯ ᠦᠨ 1.5 ᠲᠡᠷᠪᠤᠮ ᠲᠥᠭᠥᠷᠢᠭ᠌ ᠡᠴᠡ ᠳᠣᠭᠣᠭᠰᠢ ᠪᠣᠷᠣᠯᠠᠭᠤᠯᠤᠯᠲᠠ ᠢᠢᠨ ᠣᠷᠣᠯᠭ᠎ᠠ ᠲᠠᠢ ᠠᠵᠤ ᠠᠬᠤᠢ ᠢᠢᠨ ᠨᠢᠭᠡᠴᠡ ᠨᠦᠭᠦᠳ ᠦᠨ ᠣᠷᠣᠯᠭ᠎ᠠ ᠢᠢᠨ ᠠᠯᠪᠠᠨ ᠲᠠᠲᠠᠪᠤᠷᠢ ᠢᠢ 90 ᠬᠤᠪᠢ ᠪᠠᠷ ᠬᠥᠩ᠋ᠭᠡᠯᠡᠵᠦ᠂ ᠵᠠᠷᠢᠮ ᠲᠥᠷᠥᠯ ᠦᠨ ᠬᠦᠨᠡᠰᠦᠨ ᠦ ᠪᠦᠲᠦᠭᠡᠭ᠍ᠳᠡᠬᠦᠨ ᠢ ᠨᠡᠮᠡᠭᠳᠡᠯ ᠥᠷᠲᠡᠭ ᠦᠨ ᠠᠯᠪᠠᠨ ᠲᠠᠲᠠᠪᠤᠷᠢ ᠠᠴᠠ ᠴᠢᠯᠦᠭᠡᠯᠡᠭᠰᠡᠨ᠃
ᠲᠡᠭᠦᠨᠴᠢᠯᠡᠨ ᠬᠦᠨᠡᠰᠦ᠂ ᠬᠥᠳᠡᠭᠡ ᠠᠵᠤ ᠠᠬᠤᠢ ᠢᠢᠨ ᠭᠠᠷᠤᠯ ᠲᠠᠢ ᠲᠦᠭᠦᠬᠡᠢ ᠡᠳ᠋ ᠪᠣᠯᠪᠠᠰᠤᠷᠠᠭᠤᠯᠬᠤ ᠵᠣᠷᠢᠭᠤᠯᠤᠯᠲᠠ ᠲᠠᠢ᠂ ᠲᠤᠬᠠᠢ ᠢᠢᠨ ᠦᠢᠯᠡᠳᠪᠦᠷᠢ ᠢᠢᠨ ᠦᠨᠳᠦᠰᠦᠨ ᠬᠥᠷᠦᠩ᠋ᠭᠡ ᠪᠡᠷ ᠪᠦᠷᠢᠳᠬᠡᠭ᠍ᠳᠡᠬᠦ ᠰᠢᠨ᠎ᠡ ᠲᠣᠨᠣᠭ ᠲᠥᠬᠦᠭᠡᠷᠦᠮᠵᠢ ᠢᠢ 2027 ᠣᠨ ᠬᠦᠷᠲᠡᠯ᠎ᠡ ᠭᠠᠢᠢᠯᠢ ᠢᠢᠨ ᠠᠯᠪᠠᠨ ᠲᠠᠲᠠᠪᠤᠷᠢ ᠠᠴᠠ ᠴᠢᠯᠦᠭᠡᠯᠡᠭᠰᠡᠨ ᠶᠤᠮ᠃