Та "Internet explorer"-ийн сүүлийн хувилбар болох "Microsoft edge"-г ашиглана уу

Хэрэв "Microsoft edge"-г татах бол энд дарж татаж авна уу

ᠣᠯᠠᠨ ᠤᠯᠤᠰ ᠤᠨ ᠣᠯᠢᠮᠫᠢᠶᠠᠳ᠋ ᠍ ᠠᠴᠠ ᠮᠧᠳᠠᠯ ᠬᠦᠷᠲᠡᠭᠰᠡᠨ ᠰᠤᠷᠤᠭᠴᠢᠳ ᠲᠤ ᠤᠷᠮᠠᠰᠢᠭᠤᠯᠤᠯ ᠭᠠᠷᠳᠠᠭᠤᠯᠪᠠ

ᠣᠯᠠᠨ ᠤᠯᠤᠰ ᠤᠨ ᠣᠯᠢᠮᠫᠢᠶᠠᠳ᠋ ᠍ ᠠᠴᠠ ᠮᠧᠳᠠᠯ ᠬᠦᠷᠲᠡᠭᠰᠡᠨ ᠰᠤᠷᠤᠭᠴᠢᠳ ᠪᠣᠯᠤᠨ ᠰᠤᠷᠤᠭᠴᠢᠳ ᠢᠶᠠᠨ ᠠᠮᠵᠢᠯᠲᠠ ᠲᠠᠢ ᠪᠡᠯᠡᠳᠬᠡᠭ᠍ᠰᠡᠨ ᠣᠯᠢᠮᠫᠢᠶᠠᠳ᠋ ᠍ ᠢ ᠵᠣᠬᠢᠶᠠᠨ ᠪᠠᠢᠢᠭᠤᠯᠬᠤ ᠬᠣᠷᠢᠶᠠᠳ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠨᠡᠷᠡᠮᠵᠢᠲᠦ ᠤᠷᠮᠠᠰᠢᠭᠤᠯᠤᠯ᠎ᠠ ᠭᠠᠷᠳᠠᠭᠤᠯᠤᠯ᠎ᠠ᠃

ᠣᠯᠠᠨ ᠤᠯᠤᠰ ᠤᠨ ᠣᠯᠢᠮᠫᠢᠶᠠᠳ᠋ ᠍ ᠤᠨ ᠠᠯᠲᠠᠨ ᠮᠧᠳᠠᠯᠲᠠᠨ ᠢ 11 ᠰᠠᠶ᠎ᠠ᠂ ᠮᠥᠩ᠋ᠭᠥᠨ ᠮᠧᠳᠠᠯᠲᠠᠨ ᠢ 7 ᠰᠠᠶ᠎ᠠ᠂ ᠬᠦᠷᠡᠯ ᠮᠧᠳᠠᠯᠲᠠᠨ ᠢ 4 ᠰᠠᠶ ᠠ᠂ ᠲᠤᠰᠬᠠᠢ ᠪᠠᠢᠢᠷᠢ ᠢᠢᠨ ᠡᠵᠡᠨ ᠢ 1 ᠰᠠᠶ᠎ᠠ ᠲᠥᠭᠦᠷᠢᠭ᠌ ᠦᠨ ᠱᠠᠩᠨᠠᠯ ᠳᠠᠭᠠᠯᠳᠤᠵᠤ ᠪᠠᠢᠢᠨ᠎ᠠ᠃ ᠮᠥᠨ ᠰᠤᠷᠤᠭᠴᠢᠳ ᠢᠶᠠᠨ ᠠᠮᠵᠢᠯᠲᠠ ᠲᠠᠢ ᠪᠡᠯᠡᠳᠬᠡᠭ᠍ᠰᠡᠨ ᠮᠣᠩ᠋ᠭᠣᠯ ᠤᠨ ᠣᠯᠢᠮᠫᠢᠶᠠᠳ᠋ ᠵᠣᠬᠢᠶᠠᠨ ᠪᠠᠢᠢᠭᠤᠯᠬᠤ ᠬᠣᠷᠢᠶ᠎ᠠ ᠲᠤᠰ ᠪᠦᠷᠢ ᠢᠢ 10 ᠰᠠᠶ᠎ᠠ ᠲᠥᠭᠦᠷᠢᠭ᠌ ᠢᠶᠡᠷ ᠤᠷᠮᠠᠰᠢᠭᠤᠯᠤᠯ᠎ᠠ᠃

ᠡᠨᠡ ᠵᠢᠯ ᠣᠯᠠᠨ ᠤᠯᠤᠰ ᠤᠨ᠄

ᠮᠠᠲ᠋ᠧᠮᠠᠲ᠋ᠢᠭ ᠤᠨ ᠣᠯᠢᠮᠫᠢᠶᠠᠳ᠋ 07 ᠳ᠋ᠤᠭᠠᠷ ᠰᠠᠷ᠎ᠠ ᠢᠢᠨ 06-16 ᠍ ᠤ ᠡᠳᠦᠷ ᠦᠳ ᠲᠥ ᠶᠠᠫᠣᠨ ᠤᠯᠤᠰ ᠤᠨ ᠴᠢᠪᠠ ᠬᠣᠲᠠ ᠳ᠋ᠤ᠂
ᠪᠢᠣᠯᠣᠭᠢ ᠢᠢᠨ ᠣᠯᠢᠮᠫᠢᠶᠠᠳ᠋ 07 ᠳ᠋ᠤᠭᠠᠷ ᠰᠠᠷ᠎ᠠ ᠢᠢᠨ 02-11 ᠡᠳᠦᠷ ᠦᠳ ᠲᠥ ᠠᠷᠠᠪ ᠤᠨ ᠨᠢᠭᠡᠳᠦᠭᠰᠡᠨ ᠡᠮᠢᠷᠠᠲ ᠤᠯᠤᠰ ᠲᠤ᠂
ᠬᠢᠮᠢ ᠢᠢᠨ ᠣᠯᠢᠮᠫᠢᠶᠠᠳ᠋ 07 ᠳ᠋ᠤᠭᠠᠷ ᠰᠠᠷ᠎ᠠ ᠢᠢᠨ 16-25 ᠍ ᠳᠤ ᠱᠸᠢᠴᠠᠷ ᠤᠨ ᠬᠣᠯᠪᠣᠭᠠᠨ ᠤ ᠤᠯᠤᠰ ᠤᠨ ᠴᠢᠶᠷᠢᠾ ᠬᠣᠲᠠ ᠳ᠋ᠤ᠂᠂
ᠹᠢᠽᠢᠺ ᠦᠨ ᠣᠯᠢᠮᠫᠢᠶᠠᠳ᠋ 07 ᠳ᠋ᠤᠭᠠᠷ ᠰᠠᠷ᠎ᠠ ᠢᠢᠨ 09-18 ᠍ ᠤ ᠡᠳᠦᠷ ᠦᠳ ᠲᠥ ᠶᠠᠫᠣᠨ ᠤᠯᠤᠰ ᠤᠨ ᠲᠣᠺᠢᠣ᠋ ᠬᠣᠲᠠ ᠳ᠋ᠤ᠂᠂
ᠮᠡᠳᠡᠭᠡᠯᠡᠯ ᠵᠦᠢ ᠢᠢᠨ ᠣᠯᠢᠮᠫᠢᠶᠠᠳ᠋ 08 ᠳ᠋ᠤᠭᠠᠷ ᠰᠠᠷ᠎ᠠ ᠢᠢᠨ 28 ᠍ ᠠᠴᠠ 09 ᠳ᠋ᠤᠭᠡᠷ ᠰᠠᠷ᠎ᠠ ᠢᠢᠨ 04 ᠍ ᠦ ᠡᠳᠦᠷ ᠦᠳ ᠲᠥ ᠤᠩ᠋ᠭᠠᠷ ᠤᠯᠤᠰ ᠲᠤ ᠪᠣᠯᠵᠤ ᠮᠣᠩ᠋ᠭᠣᠯ ᠤᠯᠤᠰ ᠠᠴᠠ ᠨᠡᠢᠢᠲᠡ 25 ᠰᠤᠷᠤᠭᠴᠢ᠂ 14 ᠳᠠᠰᠬᠠᠯᠵᠢᠭᠤᠯᠤᠭᠴᠢ ᠪᠠᠭᠰᠢ ᠣᠷᠣᠯᠴᠠᠭᠰᠠᠨ ᠶᠤᠮ᠃
ᠮᠠᠲ᠋ᠧᠮᠠᠲ᠋ᠢᠭ ᠤᠨ ᠣᠯᠢᠮᠫᠢᠶᠠᠳ᠋ ᠍ ᠲᠤ ᠵᠢᠷᠭᠤᠭᠠᠨ ᠰᠤᠷᠤᠭᠴᠢ ᠣᠷᠣᠯᠴᠠᠭᠰᠠᠨ ᠠᠴᠠ ᠠᠯᠲᠠ ᠮᠧᠳᠠᠯ-1᠂ ᠬᠦᠷᠡᠯ ᠮᠧᠳᠠᠯ-4᠂ ᠲᠤᠰᠬᠠᠢ ᠪᠠᠢᠢᠷᠢ-1᠂ ᠬᠢᠮᠢ ᠢᠢᠨ ᠣᠯᠢᠮᠫᠢᠶᠠᠳ᠋ ᠍ ᠲᠤ 4 ᠰᠤᠷᠤᠭᠴᠢ ᠣᠷᠣᠯᠴᠠᠭᠰᠠᠨ ᠠᠴᠠ ᠬᠦᠷᠡᠯ ᠮᠧᠳᠠᠯ-2᠂ ᠲᠤᠰᠬᠠᠢ ᠪᠠᠢᠢᠷᠢ-1᠂ ᠮᠡᠳᠡᠭᠡᠯᠡᠯ ᠵᠦᠢ ᠢᠢᠨ ᠣᠯᠢᠮᠫᠢᠶᠠᠳ᠋ ᠍ ᠲᠤ 4 ᠰᠤᠷᠤᠭᠴᠢ ᠣᠷᠣᠯᠴᠠᠭᠰᠠᠨ ᠠᠴᠠ ᠬᠦᠷᠡᠯ ᠮᠧᠳᠠᠯ-3᠂ ᠹᠢᠽᠢᠺ ᠦᠨ ᠣᠯᠢᠮᠫᠢᠶᠠᠳ᠋ ᠍ ᠲᠤ 5 ᠰᠤᠷᠤᠭᠴᠢ ᠣᠷᠣᠯᠴᠠᠭᠰᠠᠨ ᠠᠴᠠ ᠮᠥᠩ᠋ᠭᠥᠨ ᠮᠧᠳᠠᠯ-1᠂ ᠬᠦᠷᠡᠯ ᠮᠧᠳᠠᠯ-3᠂ ᠪᠢᠣᠯᠣᠭᠢ ᠢᠢᠨ ᠣᠯᠢᠮᠫᠢᠶᠠᠳ᠋ ᠍ ᠲᠤ 4 ᠰᠤᠷᠤᠭᠴᠢ ᠣᠷᠣᠯᠴᠠᠭᠰᠠᠨ ᠠᠴᠠ ᠬᠦᠷᠡᠯ ᠮᠧᠳᠠᠯ-2᠂ ᠲᠤᠰᠬᠠᠢ ᠪᠠᠢᠢᠷᠢ-1᠂ ᠨᠡᠢᠢᠲᠡ 1 ᠰᠤᠷᠤᠭᠴᠢ ᠠᠯᠲᠠᠨ ᠮᠧᠳᠠᠯ᠂ 1 ᠰᠤᠷᠤᠭᠴᠢ ᠮᠥᠩ᠋ᠭᠥᠨ ᠮᠧᠳᠠᠯ᠂ 13 ᠰᠤᠷᠤᠭᠴᠢ ᠬᠦᠷᠡᠯ ᠮᠧᠳᠠᠯ ᠠᠪᠴᠤ᠂ 4 ᠰᠤᠷᠤᠭᠴᠢ ᠲᠤᠰᠬᠠᠢ ᠪᠠᠢᠢᠷᠢ ᠡᠵᠡᠯᠡᠵᠡᠢ᠃

ᠣᠯᠠᠨ ᠤᠯᠤᠰ ᠤᠨ ᠣᠯᠢᠮᠫᠢᠶᠠᠳ᠋ ᠍ ᠠᠴᠠ ᠮᠧᠳᠠᠯ ᠬᠦᠷᠲᠡᠭᠰᠡᠨ ᠬᠡᠦᠬᠡᠳ ᠦᠳ ᠳᠡᠯᠡᠬᠡᠢ ᠢᠢᠨ ᠲᠡᠷᠢᠭᠦᠯᠡᠬᠦ 100 ᠍ ᠳᠤ ᠪᠠᠭᠲᠠᠳᠠᠭ ᠶᠡᠬᠡ᠂ ᠳᠡᠭᠡᠳᠦ ᠰᠤᠷᠭᠠᠭᠤᠯᠢ ᠳᠤ ᠡᠯᠰᠡᠬᠦ ᠡᠷᠬᠡ ᠠᠪᠤᠭᠰᠠᠨ ᠢᠶᠠᠷ 《ᠶᠡᠷᠦᠩᠬᠡᠢᠢᠯᠡᠭᠴᠢ ᠢᠢᠨ ᠢᠯᠡᠭᠡᠯᠲᠡ 2100》 ᠲᠡᠳᠬᠦᠯᠭᠡᠳᠦ ᠬᠠᠮᠤᠷᠤᠭᠳᠠᠬᠤ ᠪᠣᠯᠤᠮᠵᠢ ᠲᠠᠢ ᠪᠣᠯᠤᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ 2021 ᠣᠨ ᠤ 08 ᠳ᠋ᠤᠭᠠᠷ ᠰᠠᠷ᠎ᠠ ᠢᠢᠨ 27 ᠍ ᠤ ᠡᠳᠦᠷ ᠮᠣᠩ᠋ᠭᠣᠯ ᠬᠦᠮᠦᠨ ᠦ ᠣᠶᠤᠨ ᠤᠬᠠᠭᠠᠨ ᠤ ᠦᠨᠡᠯᠡᠮᠵᠢ ᠢᠢ ᠳᠡᠭᠡᠭ᠍ᠰᠢᠯᠡᠭᠦᠯᠵᠦ᠂ ᠣᠯᠠᠨ ᠤᠯᠤᠰ ᠤᠨ ᠲᠦᠪᠰᠢᠨ ᠳᠥ ᠰᠢᠨᠵᠢᠯᠡᠬᠦ ᠤᠬᠠᠭᠠᠨ ᠤ ᠮᠡᠳᠡᠯᠭᠡ ᠪᠡᠷ ᠥᠷᠢᠰᠥᠯᠳᠥᠬᠦ ᠴᠢᠳᠠᠪᠤᠷᠢ ᠢᠢ ᠬᠥᠬᠢᠬᠥᠯᠥᠨ ᠳᠡᠮᠵᠢᠵᠦ᠂ ᠣᠯᠠᠨ ᠤᠯᠤᠰ ᠤᠨ ᠣᠯᠢᠮᠫᠢᠶᠠᠳ᠋ ᠍ ᠲᠤ ᠰᠤᠷᠤᠭᠴᠢᠳ ᠢ ᠤᠷᠤᠯᠴᠠᠬᠤ ᠨᠥᠬᠥᠴᠡᠯ ᠢ ᠪᠦᠷᠢᠳᠦᠭᠦᠯᠬᠦ᠂ ᠤᠷᠮᠠᠰᠢᠭᠤᠯᠬᠤ ᠪᠠᠷ ᠵᠠᠰᠠᠭ ᠤᠨ ᠭᠠᠵᠠᠷ ᠲᠤ ᠴᠢᠭᠯᠡᠯ ᠥᠭ᠍ᠬᠦ ᠲᠤᠬᠠᠢ ᠵᠠᠷᠯᠢᠭ ᠪᠠᠭᠤᠯᠭᠠᠭᠰᠠᠨ ᠶᠤᠮ᠃