ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠭᠠᠩ᠋ᠭ᠎ᠠ ᠨᠠᠭᠤᠷ ᠢ ᠪᠣᠬᠢᠷᠳᠠᠯᠳᠤ᠂ ᠰᠢᠷᠭᠢᠯᠲᠡ ᠡᠴᠡ ᠬᠠᠮᠠᠭᠠᠯᠠᠬᠤ᠂ ᠤᠷᠤᠰᠠᠴᠠ ᠰᠠᠢᠢᠵᠢᠷᠠᠭᠤᠯᠬᠤ ᠲᠥᠰᠦᠯ》᠍ ᠤᠨ ᠪᠠᠭ ᠤᠨ ᠭᠡᠰᠢᠭᠦᠳ ᠪᠣᠯᠤᠨ ᠰᠦᠬᠡᠪᠠᠭᠠᠲᠤᠷ ᠠᠢᠢᠮᠠᠭ᠂ ᠳᠠᠷᠢᠭᠠᠩ᠋ᠭᠠ ᠰᠤᠮᠤ ᠢᠢᠨ ᠵᠠᠰᠠᠭ ᠳᠠᠷᠤᠭ᠎ᠠ ᠪᠣᠯᠤᠨ ᠬᠣᠯᠪᠣᠭᠳᠠᠬᠤ ᠶᠠᠮᠤᠨ᠂ ᠠᠭᠧᠨᠲ᠋ᠯᠢᠭ ᠤᠳ ᠤᠨ ᠤᠳᠤᠷᠢᠳᠤᠯᠭ᠎ᠠ ᠢᠢ ᠬᠦᠯᠢᠶᠡᠨ ᠠᠪᠴᠤ ᠠᠭᠤᠯᠵᠠᠪᠠ᠃
ᠶᠡᠷᠦᠩᠬᠡᠢᠢᠯᠡᠭᠴᠢ ᠰᠢᠷᠭᠢᠬᠦ ᠳᠥ ᠪᠡᠨ ᠲᠤᠯᠤᠭᠠᠳ ᠪᠠᠢᠢᠭᠰᠠᠨ ᠨᠠᠭᠤᠷ ᠢ ᠬᠠᠮᠠᠭᠠᠯᠠᠬᠤ ᠠᠵᠢᠯ ᠢ 2016 ᠣᠨ ᠳᠤ ᠶᠡᠷᠦᠩᠬᠡᠢ ᠰᠠᠢᠢᠳ ᠪᠠᠢᠢᠬᠤ ᠳᠤ ᠪᠠᠨ ᠡᠬᠢᠯᠡᠭᠦᠯᠦᠭᠰᠡᠨ ᠨᠢ ᠦᠷ᠎ᠡ ᠳ᠋ᠦᠩ᠋ ᠢᠢᠡᠨ ᠥᠭᠴᠦ᠂ ᠤᠰᠤᠨ ᠤ ᠲᠦᠪᠰᠢᠨ 2005 ᠣᠨ ᠤ ᠲᠦᠪᠰᠢᠨ ᠳᠥ ᠬᠦᠷᠡᠭᠡᠳ ᠪᠠᠢᠢᠨ᠎ᠠ᠃
ᠲᠤᠬᠠᠢᠢᠯᠠᠪᠠᠯ 2020 ᠣᠨ ᠳᠤ ᠨᠠᠭᠤᠷ ᠤᠨ ᠤᠰᠤ 30-40 ᠰᠠᠨᠲ᠋ᠢᠮᠧᠲ᠋ᠷ᠂ ᠬᠠᠮᠤᠭ ᠤᠨ ᠰᠡᠭᠦᠯ ᠦᠨ ᠰᠤᠳᠤᠯᠭ᠎ᠠ ᠪᠠᠷ ᠪᠤᠶᠤ 2021 ᠣᠨ ᠤ 4-5 ᠳ᠋ᠤᠭᠠᠷ ᠰᠠᠷ᠎ᠠ ᠳᠤ ᠡᠮᠦᠨᠡᠬᠢ ᠣᠨ ᠤ ᠮᠥᠨ ᠦᠶ ᠡ ᠡᠴᠡ 8-12 ᠰᠠᠨᠲ᠋ᠢᠮᠧᠲ᠋ᠷ ᠢᠢᠡᠷ ᠨᠡᠮᠡᠭᠳᠡᠭᠰᠡᠨ ᠭᠡᠰᠡᠨ ᠳ᠋ᠦᠩᠨᠡᠯᠲᠡ ᠭᠠᠷᠴᠠᠢ᠃
ᠭᠠᠩ᠋ᠭ᠎ᠠ ᠨᠠᠭᠤᠷ ᠢ ᠰᠡᠷᠭᠦᠭᠡᠭ᠍ᠰᠡᠨ ᠨᠢ ᠴᠢᠨᠠᠭᠰᠢᠳᠠ ᠬᠥᠪᠰᠥᠭᠥᠯ᠂ ᠥᠬᠡᠢ᠂ ᠬᠡᠷᠥᠯᠥᠨ᠂ ᠲᠤᠤᠯᠠ᠂ ᠪᠤᠢᠢᠷ ᠭᠡᠳ ᠣᠯᠠᠨ ᠨᠠᠭᠤᠷ ᠢ ᠱᠠᠲᠤ ᠳᠠᠷᠠᠭ᠎ᠠ ᠲᠠᠢ ᠰᠡᠷᠭᠦᠭᠡᠬᠦ ᠠᠵᠢᠯ ᠤᠨ ᠡᠬᠢᠯᠡᠯ ᠭᠡᠳᠡᠭ ᠢ ᠶᠡᠷᠦᠩᠬᠡᠢᠢᠯᠡᠭᠴᠢ ᠲᠡᠮᠳᠡᠭᠯᠡᠵᠦ᠂ ᠲᠥᠰᠥᠯ ᠦᠨ II ᠱᠠᠲᠤᠨ ᠳᠤ ᠱᠠᠭᠠᠷᠳᠠᠭᠳᠠᠬᠤ ᠬᠥᠷᠥᠩ᠋ᠭᠡ ᠢᠢᠨ ᠲᠣᠳᠣᠷᠬᠠᠢ ᠬᠤᠪᠢ ᠢᠢ ᠢᠷᠡᠬᠦ ᠣᠨ ᠤ ᠤᠯᠤᠰ ᠤᠨ ᠲᠥᠰᠥᠪ ᠲᠥ ᠰᠠᠭᠤᠯᠭᠠᠬᠤ ᠳᠤ ᠳᠡᠮᠵᠢᠯᠭᠡ ᠦᠵᠡᠭᠦᠯᠬᠦ ᠪᠡᠨ ᠬᠡᠯᠡᠪᠡ᠃
ᠲᠥᠰᠦᠯ ᠦᠨ ᠡᠬᠢᠨ ᠦ ᠱᠠᠲᠤᠨ ᠳᠤ ᠠᠵᠢᠯ ᠤᠨ ᠵᠢᠷᠤᠭ ᠲᠥᠰᠦᠯ ᠪᠣᠯᠪᠠᠰᠤᠷᠠᠭᠤᠯᠵᠤ᠂ ᠬᠠᠭᠰᠢᠶᠠᠰᠤ ᠪᠣᠯᠤᠨ ᠮᠣᠯᠴᠣᠭ ᠡᠯᠡᠰᠦᠨ ᠦ ᠤᠷᠭᠤᠮᠠᠯᠵᠢᠯᠲᠠ ᠢᠢᠨ ᠰᠤᠳᠤᠯᠭ᠎ᠠ ᠬᠡᠢᠢᠨ᠂ ᠪᠡᠯᠴᠢᠭᠡᠷ ᠦᠨ ᠤᠰᠤᠨ ᠬᠠᠩ᠋ᠭᠠᠮᠵᠢ ᠢᠢᠨ 10᠂ ᠣᠢᠢᠵᠢᠭᠤᠯᠬᠤ ᠲᠠᠯᠠᠪᠠᠢ ᠢᠢᠨ ᠤᠰᠤᠯᠠᠭᠠᠨ ᠤ 3 ᠬᠤᠳᠳᠤᠭ ᠭᠠᠷᠭᠠᠨ᠂ ᠨᠠᠭᠤᠷ ᠢ ᠲᠣᠭᠣᠷᠢᠭᠤᠯᠤᠨ ᠬᠠᠮᠠᠭᠠᠯᠠᠯᠲᠠ ᠢᠢᠨ 15 ᠺᠢᠯᠣᠮᠧᠲ᠋ᠷ ᠭᠠᠷᠤᠢ ᠬᠠᠰᠢᠶ᠎ᠠ ᠲᠠᠲᠠᠵᠤ᠂ ᠭᠤᠷᠪᠠᠨ ᠭᠠ᠂ ᠲᠠᠯᠠᠪᠠᠢ ᠳᠤ ᠪᠢᠴᠢᠯ ᠴᠡᠴᠡᠷᠯᠢᠭ ᠲᠥ ᠬᠦᠷᠢᠶᠡᠯᠡᠨᠭ᠌᠂ ᠨᠠᠢᠮᠠᠨ ᠭᠠ᠂ ᠲᠠᠯᠠᠪᠠᠢ ᠳᠤ ᠣᠢ ᠢᠢᠨ ᠵᠤᠷᠪᠤᠰ᠂ ᠬᠣᠶᠠᠷ ᠭᠠ᠂ ᠲᠠᠯᠠᠪᠠᠢ ᠳᠤ ᠮᠣᠳᠣ ᠦᠷᠡᠵᠢᠭᠦᠯᠭᠡ ᠢᠢᠨ ᠭᠠᠵᠠᠷ ᠪᠠᠢᠢᠭᠤᠯᠤᠭᠰᠠᠨ ᠶᠤᠮ᠃
II ᠱᠠᠲᠤᠨ ᠳᠤ ᠭᠠᠩ᠋ᠭ᠎ᠠ ᠨᠠᠭᠤᠷ ᠢ ᠲᠡᠵᠢᠭᠡᠭ᠍ᠴᠢ ᠪᠤᠯᠠᠭ ᠤᠳ ᠢ ᠪᠠᠢᠢᠭᠠᠯᠢ ᠤᠨ ᠵᠢᠮ᠎ᠠ ᠪᠠᠷ ᠨᠢ ᠰᠡᠷᠭᠦᠭᠡᠵᠦ᠂ ᠡᠯᠡᠰᠦᠨ ᠦ ᠨᠡᠭᠦᠳᠡᠯ᠂ ᠰᠢᠷᠤᠢᠢᠨ ᠰᠢᠭᠤᠷᠭᠠᠨ ᠠᠴᠠ ᠬᠠᠮᠠᠭᠠᠯᠠᠵᠤ ᠨᠠᠭᠤᠷ ᠤᠨ ᠡᠷᠭᠢ ᠢᠢ ᠴᠢᠯᠠᠭᠤᠵᠢᠭᠤᠯᠬᠤ᠂ ᠣᠢ ᠢᠢᠨ ᠵᠤᠷᠪᠤᠰ ᠢ ᠦᠷᠭᠡᠳᠭᠡᠬᠦ ᠵᠡᠷᠭᠡ ᠠᠵᠢᠯ ᠢ ᠴᠣᠭᠴᠠ ᠪᠠᠷ ᠨᠢ ᠪᠦᠷᠢᠨ ᠬᠢᠵᠦ ᠳᠠᠭᠤᠰᠬᠠᠨ᠎ᠠ᠃