Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠪᠦᠭᠦᠳᠡ ᠨᠠᠢᠢᠷᠠᠮᠳᠠᠬᠤ ᠺᠦᠪᠠ ᠤᠯᠤᠰ ᠤᠨ ᠤᠳᠤᠷᠢᠳᠤᠭᠴᠢ ᠠᠰᠠᠨ ᠷᠠᠦ᠋ᠯ ᠺᠠᠰᠲ᠋ᠷᠣ‍ ᠷᠦᠰ ᠲᠠᠢ ᠠᠭᠤᠯᠵᠠᠯ᠎ᠠ

ᠪᠦᠭᠦᠳᠡ ᠨᠠᠢᠢᠷᠠᠮᠳᠠᠬᠤ ᠺᠦᠪᠠ ᠤᠯᠤᠰ ᠲᠤ ᠬᠥᠭ᠍ᠵᠢᠵᠦ ᠪᠤᠢ ᠣᠷᠣᠨ ᠨᠤᠭᠤᠳ ᠤᠨ 77 ᠍ ᠦᠨ ᠪᠦᠯᠦᠭ ᠦᠨ ᠳᠡᠭᠡᠳᠦ ᠲᠦᠪᠰᠢᠨ ᠦ ᠠᠭᠤᠯᠵᠠᠯᠲᠠ ᠳᠤ ᠣᠷᠣᠯᠴᠠᠵᠤ ᠪᠤᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠺᠦᠪᠠ ᠤᠨ ᠤᠳᠤᠷᠢᠳᠤᠭᠴᠢ ᠠᠰᠠᠨ ᠷᠠᠦ᠋ᠯ ᠺᠠᠰᠲ᠋ᠷᠣ‍ ᠷᠦᠰ ᠲᠠᠢ ᠠᠭᠤᠯᠵᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠡᠭᠦᠨ ᠦ 1970 ᠣᠨ ᠳᠤ ᠮᠠᠨ ᠤ ᠤᠯᠤᠰ ᠲᠤ ᠠᠢᠢᠯᠴᠢᠯᠠᠬᠤ ᠦᠶ᠎ᠡ ᠪᠡᠷ ᠲᠠᠲᠠᠭᠤᠯᠤᠭᠰᠠᠨ ᠭᠡᠷᠡᠯ ᠵᠢᠷᠤᠭ ᠢ ᠳᠤᠷᠠᠰᠬᠠᠬᠤ ᠳᠤ ᠲᠡᠷᠡ ᠪᠡᠷ ᠮᠣᠩ᠋ᠭᠣᠯ ᠳᠤ ᠥᠩ᠋ᠭᠡᠷᠡᠭᠦᠯᠦᠭᠰᠡᠨ ᠮᠥᠴᠢ ᠨᠦᠭᠦᠳ ᠢᠶᠡᠨ ᠳᠤᠷᠠᠰᠤᠨ ᠡᠯᠢᠭᠡᠰᠡᠭ ᠳᠣᠲᠣᠨᠣ ᠶᠠᠷᠢᠶ᠎ᠠ ᠥᠷᠨᠢᠭᠦᠯᠪᠡ᠃

ᠲᠡᠷᠡ ᠪᠡᠷ ᠢᠷᠡᠬᠦ ᠣᠨ ᠳᠤ ᠪᠦᠭᠦᠳᠡ ᠨᠠᠢᠢᠷᠠᠮᠳᠠᠬᠤ ᠺᠦᠪᠠ ᠤᠯᠤᠰ ᠤᠨ ᠶᠡᠷᠦᠩᠬᠡᠢᠢᠯᠡᠭᠴᠢ ᠮᠢᠭᠧᠯ ᠳ᠋ᠢᠶᠠᠽ-ᠺᠠᠨᠧᠯ ᠪᠧᠷᠮᠤᠢᠳᠧᠽ ᠮᠣᠩ᠋ᠭᠣᠯ ᠤᠯᠤᠰ ᠲᠤ ᠠᠢᠢᠯᠴᠢᠯᠠᠬᠤ ᠭᠡᠵᠦ ᠪᠠᠢᠢᠭ᠎ᠠ ᠲᠤᠬᠠᠢ ᠬᠡᠯᠡᠵᠦ᠂ ᠪᠣᠯᠤᠮᠵᠢ ᠲᠣᠬᠢᠶᠠᠪᠠᠯ ᠮᠣᠩ᠋ᠭᠣᠯ ᠤᠯᠤᠰ ᠲᠤ ᠳ᠋ᠠᠬᠢᠨ ᠵᠣᠴᠢᠯᠠᠬᠤ ᠬᠦᠰᠡᠯ ᠲᠡᠢ ᠶᠠᠪᠤᠳᠠᠭ ᠢᠶᠠᠨ ᠢᠯᠡᠷᠬᠡᠢᠢᠯᠡᠯ᠎ᠡ᠃