Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 78 ᠳ᠋ᠤᠭᠠᠷ ᠴᠢᠭᠤᠯᠭᠠᠨ ᠳᠤ ᠣᠷᠣᠯᠴᠠᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 2023 ᠣᠨ ᠤ 09 ᠳ᠋ᠤᠭᠡᠷ ᠰᠠᠷ᠎ᠠ ᠢᠢᠨ 19-23 ᠍ ᠤ ᠡᠳᠦᠷ ᠦᠳ ᠲᠥ ᠠᠮᠧᠷᠢᠺᠠ ᠢᠢᠨ ᠨᠢᠭᠡᠳᠦᠭᠰᠡᠨ ᠤᠯᠤᠰ ᠤᠨ ᠨᠢᠶᠤ‍-ᠢᠣᠷᠺ ᠬᠣᠲᠠᠨ᠎ᠠ ᠠᠠᠵᠢᠯᠯᠠᠵᠤ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 78 ᠳ᠋ᠤᠭᠠᠷ ᠴᠢᠭᠤᠯᠭᠠᠨ ᠤ ᠶᠡᠷᠦᠩᠬᠡᠢ ᠰᠠᠨᠠᠯ ᠰᠢᠭᠦᠮᠵᠢᠯᠡᠯ ᠳᠥ ᠣᠷᠣᠯᠴᠠᠨ᠎ᠠ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 78 ᠳ᠋ᠤᠭᠠᠷ ᠴᠢᠭᠤᠯᠭᠠᠨ ᠤ ᠶᠡᠷᠦᠩᠬᠡᠢ ᠰᠠᠨᠠᠯ ᠰᠢᠭᠦᠮᠵᠢᠯᠡᠯ 《ᠢᠲᠡᠭᠡᠯᠴᠡᠯ ᠢ ᠰᠡᠷᠭᠦᠭᠡᠵᠦ᠂ ᠳᠡᠯᠡᠬᠡᠢ ᠢᠢᠨ ᠡᠪ ᠨᠢᠭᠡᠳᠦᠯ ᠢ ᠳᠡᠪᠵᠢᠭᠡᠬᠦ ᠨᠢ᠄ ᠲᠣᠭᠲᠠᠪᠤᠷᠢᠲᠠᠢ ᠬᠥᠭ᠍ᠵᠢᠯ ᠦᠨ 2030 ᠬᠥᠲᠦᠯᠪᠦᠷᠢ ᠪᠣᠯᠤᠨ ᠲᠣᠭᠲᠠᠪᠤᠷᠢᠲᠠᠢ ᠬᠥᠭ᠍ᠵᠢᠯ ᠦᠨ ᠵᠣᠷᠢᠯᠭ᠎ᠠ ᠨᠤᠭᠤᠳ ᠤᠨ ᠬᠡᠷᠡᠭᠵᠢᠯᠲᠡ ᠢᠢ ᠪᠦᠬᠦ ᠨᠡᠢᠢᠲᠡ ᠢᠢᠨ ᠡᠩᠬᠡ ᠲᠠᠢᠢᠪᠤᠩ᠂ ᠬᠥᠭ᠍ᠵᠢᠯ ᠴᠡᠴᠡᠭᠯᠡᠯᠲᠡ᠂ ᠠᠬᠢᠴᠠ ᠳᠡᠪᠰᠢᠯ ᠦᠨ ᠲᠥᠯᠦᠭᠡ ᠡᠷᠴᠢᠮᠵᠢᠭᠦᠯᠬᠦ ᠨᠢ》 ᠰᠡᠳᠦᠪ ᠦᠨ ᠳᠣᠣᠷ᠎ᠠ ᠪᠣᠯᠬᠤ ᠪᠠ 100 ᠭᠠᠷᠤᠢ ᠤᠯᠤᠰ ᠲᠥᠷᠦ ᠢᠢᠨ ᠲᠡᠷᠢᠭᠦᠨ ᠦ ᠲᠦᠪᠰᠢᠨ ᠳᠤ ᠪᠡᠶᠡᠴᠢᠯᠡᠨ ᠣᠷᠣᠯᠴᠠᠬᠤ ᠪᠠᠨ ᠮᠡᠳᠡᠭᠳᠡᠵᠡᠢ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 78 ᠳ᠋ᠤᠭᠠᠷ ᠴᠢᠭᠤᠯᠭᠠᠨ ᠤ ᠶᠡᠷᠦᠩᠬᠡᠢ ᠰᠠᠨᠠᠯ ᠰᠢᠭᠦᠮᠵᠢᠯᠡᠯ ᠳᠥ ᠣᠷᠣᠯᠴᠠᠵᠤ᠂ ᠣᠯᠠᠨ ᠤᠯᠤᠰ ᠤᠨ ᠬᠠᠷᠢᠯᠴᠠᠭᠠᠨ ᠤ ᠲᠤᠯᠭᠠᠮᠳᠠᠭᠰᠠᠨ ᠠᠰᠠᠭᠤᠳᠠᠯ ᠢᠶᠠᠷ ᠮᠣᠩ᠋ᠭᠣᠯ ᠤᠯᠤᠰ ᠤᠨ ᠪᠠᠢᠢᠷᠢ ᠰᠠᠭᠤᠷᠢ ᠢᠢ ᠢᠯᠡᠷᠬᠡᠢᠢᠯᠡᠵᠦ ᠦᠭᠡ ᠬᠡᠯᠡᠬᠦ ᠪᠠ ᠡᠨᠡ ᠦᠶ᠎ᠡ ᠪᠡᠷ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠᠨᠲ᠋ᠣᠨᠢᠤ‍  ᠾᠤᠲ᠋ᠧᠷᠷᠧᠱ ᠪᠣᠯᠤᠨ ᠵᠠᠷᠢᠮ ᠤᠯᠤᠰ ᠤᠨ ᠲᠥᠷᠦ᠂ ᠵᠠᠰᠠᠭ ᠤᠨ ᠲᠡᠷᠢᠭᠦᠨ ᠲᠡᠢ ᠠᠭᠤᠯᠵᠠᠯᠲᠠ ᠬᠢᠬᠦ ᠪᠡᠷ ᠲᠥᠯᠦᠪᠯᠡᠵᠦ ᠪᠠᠢᠢᠨ᠎ᠠ᠃

ᠡᠨᠡ ᠵᠢᠯ ᠦᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ ᠶᠡᠷᠦᠩᠬᠡᠢ ᠰᠠᠨᠠᠯ ᠰᠢᠭᠦᠮᠵᠢᠯᠡᠯ ᠦᠨ ᠦᠶ᠎ᠡ ᠪᠡᠷ 《ᠲᠣᠭᠲᠠᠪᠤᠷᠢᠲᠠᠢ ᠬᠥᠭ᠍ᠵᠢᠯ ᠦᠨ ᠵᠣᠷᠢᠯᠭ᠎ᠠ ᠨᠤᠭᠤᠳ ᠤᠨ ᠠᠰᠠᠭᠤᠳᠠᠯᠠᠷᠠᠬᠢ》 ᠥᠨᠳᠥᠷ ᠲᠦᠪᠰᠢᠨ ᠦ ᠠᠭᠤᠯᠵᠠᠯᠲᠠ᠂ 《ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ ᠠᠮᠠᠯᠠᠯᠲᠠ ᠪᠠᠨ ᠠᠬᠢᠭᠤᠯᠬᠤ》 ᠳᠡᠭᠡᠳᠦ ᠲᠦᠪᠰᠢᠨ ᠦ ᠠᠭᠤᠯᠵᠠᠯᠲᠠ᠂ 《ᠬᠥᠭ᠍ᠵᠢᠯ ᠦᠨ ᠰᠠᠩᠬᠦᠵᠢᠯᠲᠡ ᠢᠢᠨ ᠠᠰᠠᠭᠤᠳᠠᠯᠠᠷᠠᠬᠢ》 ᠥᠨᠳᠥᠷ ᠲᠦᠪᠰᠢᠨ ᠦ ᠬᠡᠯᠡᠯᠴᠡᠭᠦᠯᠭᠡ᠂ 《ᠪᠦᠬᠦ ᠨᠡᠢᠢᠲᠡ ᠢᠢᠨ ᠡᠷᠡᠭᠦᠯ ᠮᠡᠨᠳᠦ ᠢᠢᠨ ᠬᠠᠮᠤᠷᠤᠯᠲᠠ ᠢᠢᠨ ᠠᠰᠠᠭᠤᠳᠠᠯᠠᠷᠠᠬᠢ》 ᠥᠨᠳᠥᠷ ᠲᠦᠪᠰᠢᠨ ᠦ ᠠᠭᠤᠯᠵᠠᠯᠲᠠ᠂ 《ᠴᠠᠷ᠎ ᠲᠠᠬᠤᠯ ᠠᠴᠠ ᠤᠷᠢᠳᠴᠢᠯᠠᠨ ᠰᠡᠷᠭᠡᠢᠢᠯᠡᠬᠦ᠂ ᠪᠡᠯᠡᠨ ᠪᠠᠢᠢᠳᠠᠯ᠂ ᠬᠠᠷᠢᠭᠤ ᠠᠷᠭ᠎ᠠ ᠬᠡᠮᠵᠢᠶᠡᠨ ᠦ ᠠᠰᠠᠭᠤᠳᠠᠯᠠᠷᠠᠬᠢ》 ᠥᠨᠳᠥᠷ ᠲᠦᠪᠰᠢᠨ ᠦ ᠠᠭᠤᠯᠵᠠᠯᠲᠠ᠂ 《ᠰᠦᠷᠢᠶ᠎ᠡ ᠢᠢᠨ ᠠᠰᠠᠭᠤᠳᠠᠯᠠᠷᠠᠬᠢ》 ᠥᠨᠳᠥᠷ ᠲᠦᠪᠰᠢᠨ ᠦ ᠠᠭᠤᠯᠵᠠᠯᠲᠠ᠂ 《ᠢᠷᠡᠭᠡᠳᠦᠢ ᠢᠢᠨ ᠠᠰᠠᠭᠤᠳᠠᠯᠠᠷᠠᠬᠢ》 ᠳᠡᠭᠡᠳᠦ ᠲᠦᠪᠰᠢᠨ ᠦ ᠴᠢᠭᠤᠯᠭ᠎ᠠ ᠠᠭᠤᠯᠵᠠᠯᠲᠠ ᠢᠢᠨ ᠰᠠᠢᠢᠳ ᠨᠠᠷ ᠤᠨ ᠲᠦᠪᠰᠢᠨ ᠦ ᠪᠡᠯᠡᠳᠬᠡᠯ ᠬᠤᠷᠠᠯᠳᠤᠭᠠᠨ᠂ 《ᠴᠥᠮ᠎ᠡ ᠢᠢᠨ ᠵᠡᠪᠰᠡᠭ ᠢ ᠪᠦᠷᠢᠮᠦᠰᠦᠨ ᠤᠰᠠᠳᠬᠠᠬᠤ ᠣᠯᠠᠨ ᠤᠯᠤᠰ ᠤᠨ ᠡᠳᠦᠷ ᠢ ᠲᠣᠬᠢᠶᠠᠯᠳᠤᠭᠤᠯᠤᠨ ᠵᠣᠬᠢᠶᠠᠨ ᠪᠠᠢᠢᠭᠤᠯᠬᠤ ᠥᠨᠳᠥᠷ ᠲᠦᠪᠰᠢᠨ ᠦ ᠠᠭᠤᠯᠵᠠᠯᠲᠠ ᠵᠡᠷᠭᠡ ᠳᠡᠯᠡᠬᠡᠢ ᠢᠢᠨ ᠤᠯᠤᠰ ᠣᠷᠣᠨ ᠨᠤᠭᠤᠳ ᠤᠨ ᠡᠮᠦᠨ᠎ᠡ ᠲᠤᠯᠭᠠᠷᠴᠤ ᠪᠤᠢ ᠠᠰᠠᠭᠤᠳᠠᠯ ᠢᠶᠠᠷ ᠥᠨᠳᠥᠷ ᠳᠡᠭᠡᠳᠦ ᠲᠦᠪᠰᠢᠨ ᠦ ᠠᠭᠤᠯᠵᠠᠯᠲᠠ ᠨᠤᠭᠤᠳ ᠪᠣᠯᠤᠨ᠎ᠠ᠃

ᠮᠣᠩ᠋ᠭᠣᠯ ᠤᠯᠤᠰ ᠤᠨ ᠰᠢᠳᠠᠷ ᠰᠠᠢᠢᠳ ᠪᠥᠭᠡᠳ ᠡᠳ᠋ ᠍ ᠦᠨ ᠵᠠᠰᠠᠭ᠂ ᠬᠥᠭ᠍ᠵᠢᠯ ᠦᠨ ᠰᠠᠢᠢᠳ ᠴ᠂ ᠬᠦᠷᠡᠯᠪᠠᠭᠠᠲᠤᠷ 《ᠲᠣᠭᠲᠠᠪᠤᠷᠢᠲᠠᠢ ᠬᠥᠭ᠍ᠵᠢᠯ ᠦᠨ ᠵᠣᠷᠢᠯᠭ᠎ᠠ ᠨᠤᠭᠤᠳ ᠤᠨ ᠠᠰᠠᠭᠤᠳᠠᠯᠠᠷᠠᠬᠢ》 ᠥᠨᠳᠥᠷ ᠲᠦᠪᠰᠢᠨ ᠦ ᠠᠭᠤᠯᠵᠠᠯᠲᠠ᠂ 《ᠬᠥᠭ᠍ᠵᠢᠯ ᠦᠨ ᠰᠠᠩᠬᠦᠵᠢᠯᠲᠡ ᠢᠢᠨ ᠠᠰᠠᠭᠤᠳᠠᠯᠠᠷᠠᠬᠢ》 ᠥᠨᠳᠥᠷ ᠲᠦᠪᠰᠢᠨ ᠦ ᠬᠡᠯᠡᠯᠴᠡᠭᠦᠯᠭᠡ ᠳᠥ ᠣᠷᠣᠯᠴᠠᠨ᠎ᠠ᠃ ᠭᠠᠳᠠᠭᠠᠳᠤ ᠬᠠᠷᠢᠯᠴᠠᠭᠠᠨ ᠤ ᠰᠠᠢᠢᠳ ᠪᠠ‍᠂ ᠪᠠᠲᠤᠴᠡᠴᠡᠭ ᠲᠡᠷᠢᠭᠦᠲᠡᠢ ᠵᠠᠰᠠᠭ ᠤᠨ ᠭᠠᠵᠠᠷ ᠤᠨ ᠲᠥᠯᠦᠭᠡᠯᠡᠭᠴᠢᠳ ᠲᠤᠰ ᠴᠢᠭᠤᠯᠭᠠᠨ ᠤ ᠦᠨᠳᠦᠰᠦᠨ ᠦᠢᠯᠡ ᠠᠵᠢᠯᠯᠠᠭᠠᠨ ᠳᠤ ᠣᠷᠣᠯᠴᠠᠬᠤ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 2021 ᠣᠨ ᠠᠴᠠ ᠵᠢᠯ ᠪᠦᠷᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ ᠶᠡᠷᠦᠩᠬᠡᠢ ᠰᠠᠨᠠᠯ ᠰᠢᠭᠦᠮᠵᠢᠯᠡᠯ ᠳᠥ ᠣᠷᠣᠯᠴᠠᠵᠤ ᠪᠠᠢᠢᠨ᠎ᠠ᠃