ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠣᠯᠪᠣᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ ᠤᠨ ᠪᠤᠨᠳᠧᠰᠲ᠋ᠠ ᠢᠢᠨ ᠭᠡᠰᠢᠭᠦᠨ᠂ ᠪᠤᠨᠳᠧᠰᠲ᠋ᠠᠭ ᠳ᠋ᠠᠬᠢ ᠲᠥᠪ ᠠᠽᠢᠶ᠎ᠠ ᠢᠢᠨ ᠪᠦᠯᠦᠭ ᠦᠨ ᠳᠠᠷᠤᠭ᠎ᠠ ᠮᠠᠨ᠋ᠹᠷᠧᠳ᠋ ᠭᠷᠤᠢᠨ᠋ᠳ᠋ ᠍ ᠢ ᠬᠦᠯᠢᠶᠡᠨ ᠠᠪᠴᠤ ᠠᠭᠤᠯᠵᠠᠯ᠎ᠠ᠃
ᠠᠭᠤᠯᠵᠠᠯᠲᠠ ᠢᠢᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠤᠰ ᠤᠯᠤᠰ ᠲᠠᠢ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠪᠠᠨ ᠬᠥᠭ᠍ᠵᠢᠭᠦᠯᠬᠦ ᠪᠣᠯᠤᠨ ᠬᠣᠶᠠᠷ ᠤᠯᠤᠰ ᠤᠨ ᠬᠠᠮᠲᠤᠷᠠᠭᠰᠠᠨ ᠲᠣᠮᠣᠬᠠᠨ ᠲᠥᠰᠥᠯ ᠦᠳ ᠢ ᠠᠵᠢᠯ ᠬᠡᠷᠡᠭ ᠪᠣᠯᠭᠠᠬᠤ ᠢᠢᠨ ᠴᠢᠬᠤᠯᠠ ᠢᠢ ᠣᠨᠴᠠᠯᠠᠪᠠ᠃ ᠮᠥᠨ ᠲᠠᠯ ᠤᠳ ᠬᠣᠶᠠᠷ ᠣᠷᠣᠨ ᠤ ᠴᠢᠨᠠᠭᠰᠢᠳᠠ ᠢᠢᠨ ᠬᠠᠮᠲᠤ ᠢᠢᠨ ᠠᠵᠢᠯᠯᠠᠭ᠎ᠠ ᠪᠣᠯᠤᠨ ᠰᠡᠷᠭᠦᠭᠡᠭ᠍ᠳᠡᠬᠦ ᠡᠷᠴᠢᠮ ᠬᠦᠴᠦ᠂ ᠪᠠᠲᠤᠯᠠᠨ ᠬᠠᠮᠠᠭᠠᠯᠠᠬᠤ ᠭᠡᠬᠦ ᠮᠡᠲᠦ ᠲᠣᠳᠣᠷᠬᠠᠢ ᠰᠠᠯᠪᠤᠷᠢ ᠨᠤᠭᠤᠳ ᠲᠤ ᠬᠡᠷᠬᠢᠨ ᠬᠠᠮᠲᠤᠷᠠᠵᠤ ᠠᠵᠢᠯᠯᠠᠬᠤ ᠪᠣᠯᠤᠮᠵᠢ ᠪᠠᠢᠢᠭ᠎ᠠ ᠲᠠᠯ᠎ᠠ ᠪᠠᠷ ᠰᠠᠨᠠᠯ ᠰᠣᠯᠢᠯᠴᠠᠭᠰᠠᠨ ᠶᠤᠮ᠃
2017 ᠣᠨ ᠤ ᠪᠠᠢᠢᠳᠠᠯ ᠢᠶᠠᠷ ᠮᠣᠩ᠋ᠭᠣᠯ᠂ ᠬᠣᠯᠪᠣᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ ᠬᠣᠭᠣᠷᠣᠨᠳᠣ ᠬᠢᠭ᠍ᠰᠡᠨ ᠬᠤᠳᠠᠯᠳᠤᠭᠠᠨ ᠤ ᠪᠠᠷᠠᠭ᠎ᠠ ᠡᠷᠭᠢᠯᠲᠡ ᠢᠢᠨ ᠬᠡᠮᠵᠢᠶ᠎ᠡ 140 ᠰᠠᠶ᠎ᠠ ᠭᠠᠷᠤᠢ ᠠᠮ᠂ᠳ᠋ᠣᠯᠯᠠᠷ ᠪᠠᠢᠢᠭ᠎ᠠ ᠠᠴᠠ ᠡᠺᠰᠫᠣᠷᠲ 10 ᠰᠠᠶ᠎ᠠ ᠭᠠᠷᠤᠢ ᠠᠮ᠂ᠳ᠋ᠣᠯᠯᠠᠷ᠂ ᠢᠮᠫᠣᠷᠲ 130 ᠰᠠᠶ᠎ᠠ ᠣᠷᠴᠢᠮ ᠠᠮ᠂ᠳ᠋ᠣᠯᠯᠠᠷ ᠢ ᠡᠵᠡᠯᠡᠵᠦ ᠪᠠᠢᠢᠨ᠎ᠠ᠃ ᠮᠥᠨ ᠬᠣᠯᠪᠣᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ ᠍ ᠤᠨ ᠰᠢᠭᠤᠳ ᠬᠥᠷᠥᠩᠭᠡ ᠣᠷᠣᠭᠤᠯᠤᠯᠲᠠ 2017 ᠣᠨ ᠤ ᠪᠠᠢᠢᠳᠠᠯ ᠢᠶᠠᠷ 50 ᠰᠠᠶ᠎ᠠ ᠠᠮ᠂ᠳ᠋ᠣᠯᠯᠠᠷ ᠪᠠᠢᠢᠭᠰᠠᠨ ᠨᠢ ᠮᠠᠨ ᠤ ᠤᠯᠤᠰ ᠳᠠᠬᠢ ᠭᠠᠳᠠᠭᠠᠳᠤ ᠢᠢᠨ ᠰᠢᠭᠤᠳ ᠬᠥᠷᠥᠩᠭᠡ ᠣᠷᠣᠭᠤᠯᠤᠯᠲᠠ ᠢᠢᠨ 0.8 ᠣᠷᠴᠢᠮ ᠬᠤᠪᠢ ᠲᠠᠢ ᠲᠡᠩᠴᠡᠵᠦ ᠪᠠᠢᠢᠭ᠎ᠠ ᠶᠤᠮ ᠪᠠᠢᠢᠨ᠎ᠠ᠃