Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠨᠲ᠋ᠣᠨᠢᠤ‍ ᠾᠤᠢᠲ᠋ᠧᠷᠷᠧᠱᠢ ᠲᠡᠢ ᠠᠭᠤᠯᠵᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠡᠨᠡ ᠡᠳᠦᠷ ᠦᠳ ᠲᠥ ᠠᠮᠧᠷᠢᠺᠠ ᠢᠢᠨ ᠨᠢᠭᠡᠳᠦᠭᠰᠡᠨ ᠤᠯᠤᠰ ᠤᠨ ᠨᠢᠶᠤ‍-ᠢᠣᠷᠺ ᠬᠣᠲᠠᠨ᠎ᠠ ᠪᠣᠯᠵᠤ ᠪᠠᠢᠢᠭ᠎ᠠ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 78 ᠳ᠋ᠤᠭᠠᠷ ᠴᠢᠭᠤᠯᠭᠠᠨ ᠳᠤ ᠣᠷᠣᠯᠴᠠᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ 2023 ᠣᠨ ᠤ 09 ᠳ᠋ᠤᠭᠡᠷ ᠰᠠᠷ᠎ᠠ ᠢᠢᠨ 21 ᠍ ᠦ ᠡᠳᠦᠷ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠᠨᠲ᠋ᠣᠨᠢᠤ‍  ᠾᠤᠢᠲ᠋ᠧᠷᠷᠧᠱᠢ   ᠲᠡᠢ ᠠᠭᠤᠯᠵᠠᠯ᠎ᠠ᠃

ᠶᠡᠷᠦᠩᠬᠡᠢᠢᠯᠡᠭᠴᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠲᠠᠢ ᠬᠥᠭ᠍ᠵᠢᠭᠦᠯᠵᠦ ᠢᠷᠡᠭᠰᠡᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠳᠤ ᠲᠡᠷᠢᠭᠦᠯᠡᠬᠦ ᠠᠴᠢ ᠬᠣᠯᠪᠣᠭᠳᠠᠯ ᠥᠭᠴᠦ᠂ ᠲᠤᠰ ᠪᠠᠢᠢᠭᠤᠯᠤᠯᠭ᠎ᠠ ᠤᠨ ᠬᠦᠷᠢᠶᠡᠨ ᠳᠥ ᠳᠡᠯᠡᠬᠡᠢ ᠨᠡᠢᠢᠲᠡ ᠢᠢᠨ ᠲᠤᠯᠭᠠᠮᠳᠠᠭᠰᠠᠨ ᠠᠰᠠᠭᠤᠳᠠᠯ ᠤᠳ ᠢ ᠰᠢᠢᠳᠪᠦᠷᠢᠯᠡᠬᠦ ᠳᠥ ᠬᠤᠪᠢ ᠨᠡᠮᠡᠷᠢ ᠪᠡᠨ ᠣᠷᠣᠭᠤᠯᠬᠤ ᠢᠢ ᠵᠣᠷᠢᠵᠤ ᠢᠷᠡᠭᠰᠡᠨ ᠢᠶᠡᠨ ᠢᠯᠡᠷᠬᠡᠢᠢᠯᠡᠪᠡ᠃

ᠴᠢᠨᠠᠭᠰᠢᠳᠠ ᠲᠣᠭᠲᠠᠪᠤᠷᠢᠲᠠᠢ ᠬᠥᠭ᠍ᠵᠢᠯ ᠦᠨ ᠵᠣᠷᠢᠯᠭ᠎ᠠ ᠨᠤᠭᠤᠳ ᠤᠨ ᠬᠡᠷᠡᠭᠵᠢᠯᠲᠡ ᠢᠢ ᠬᠠᠩ᠋ᠭᠠᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ᠂ ᠡᠩᠬᠡ ᠢᠢ ᠰᠠᠬᠢᠭᠤᠯᠬᠤ ᠠᠵᠢᠯᠯᠠᠭᠠᠨ ᠤ ᠴᠢᠭᠯᠡᠯ ᠢᠶᠡᠷ ᠳᠡᠪᠰᠢᠭᠦᠯᠦᠭᠰᠡᠨ ᠰᠠᠨᠠᠭᠠᠴᠢᠯᠠᠭ᠎ᠠ ᠪᠠᠨ ᠪᠣᠳᠠᠲᠤ ᠦᠷ᠎ᠡ ᠳ᠋ᠦᠩ ᠳᠥ ᠬᠦᠷᠭᠡᠬᠦ ᠢᠢᠨ ᠲᠥᠯᠦᠭᠡ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠲᠠᠢ ᠨᠢᠬᠲᠠ ᠬᠠᠮᠲᠤᠷᠠᠨ ᠠᠵᠢᠯᠯᠠᠬᠤ ᠪᠠᠨ ᠨᠣᠲᠠᠯᠠᠪᠠ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠᠨᠲ᠋ᠣᠨᠢᠤ‍  ᠾᠤᠢᠲ᠋ᠧᠷᠷᠧᠱᠢ᠂ ᠤᠯᠤᠰ ᠲᠥᠷᠦ᠂ ᠡᠳ᠋ ᠍ ᠦᠨ ᠵᠠᠰᠠᠭ ᠤᠨ ᠬᠥᠭ᠍ᠵᠢᠯ ᠨᠢ ᠲᠣᠭᠲᠠᠪᠤᠷᠢᠲᠠᠢ ᠮᠣᠩ᠋ᠭᠣᠯ ᠤᠯᠤᠰ ᠡᠩᠬᠡ ᠢᠢ ᠡᠷᠬᠢᠮᠯᠡᠭᠴᠢ ᠣᠷᠣᠨ ᠤ ᠬᠤᠪᠢ ᠳᠤ ᠪᠦᠰᠡ ᠨᠤᠲᠤᠭ᠂ ᠣᠯᠠᠨ ᠤᠯᠤᠰ ᠤᠨ ᠡᠮᠦᠨ᠎ᠡ ᠲᠤᠯᠭᠠᠷᠴᠤ ᠪᠤᠢ ᠠᠰᠠᠭᠤᠳᠠᠯ ᠢ ᠰᠢᠢᠳᠪᠦᠷᠢᠯᠡᠬᠦ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠥᠭ᠍ᠵᠢᠯ ᠦᠨ ᠦᠢᠯᠡ ᠠᠵᠢᠯᠯᠠᠭ᠎ᠠ᠂ ᠡᠩᠬᠡ ᠢᠢ ᠰᠠᠬᠢᠭᠤᠯᠬᠤ ᠦᠢᠯᠡᠰ ᠲᠥ ᠣᠷᠣᠭᠤᠯᠵᠤ ᠪᠠᠢᠢᠭ᠎ᠠ ᠬᠤᠪᠢ ᠨᠡᠮᠡᠷᠢ ᠢᠢ ᠥᠨᠳᠦᠷ ᠢᠶᠡᠷ ᠦᠨᠡᠯᠡᠳᠡᠭ ᠢᠶᠡᠨ ᠢᠯᠡᠷᠬᠡᠢᠢᠯᠡᠪᠡ᠃

ᠲᠤᠬᠠᠢᠢᠯᠠᠪᠠᠯ ᠵᠡᠭᠦᠨ ᠬᠣᠢᠢᠳᠤ ᠠᠽᠢ ᠢᠢᠨ ᠠᠶᠤᠯ ᠦᠭᠡᠢ ᠪᠠᠢᠢᠳᠠᠯ ᠢ ᠬᠠᠩ᠋ᠭᠠᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ ᠳᠡᠯᠡᠬᠡᠢ ᠨᠡᠢᠢᠲᠡ ᠢᠢᠨ ᠬᠦᠴᠦᠨ ᠴᠢᠷᠮᠠᠢᠢᠯᠲᠠ ᠳᠤ ᠴᠢᠬᠤᠯᠠ ᠬᠤᠪᠢ ᠨᠡᠮᠡᠷᠢ ᠣᠷᠣᠭᠤᠯᠵᠤ ᠪᠠᠢᠢᠭ᠎ᠠ ᠢᠢ ᠲᠡᠮᠳᠡᠭᠯᠡᠯ ᠡ᠃