ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠠᠷᠢᠬᠢ᠂ ᠰᠤᠭᠳᠤᠭᠤᠷᠠᠭᠤᠯᠬᠤ ᠤᠮᠳᠠᠭᠠᠨ ᠤ ᠵᠣᠬᠢᠰ ᠦᠭᠡᠢ ᠬᠡᠷᠡᠭᠯᠡᠭᠡᠨ ᠡᠴᠡ ᠡᠭᠦᠳᠦᠯᠲᠡᠢ ᠬᠦᠮᠦᠨ ᠠᠮᠠ ᠢᠢᠨ ᠡᠷᠡᠭᠦᠯ ᠮᠡᠨᠳᠦ᠂ ᠨᠡᠢᠢᠭᠡᠮ ᠤᠨ ᠠᠶᠤᠯ ᠦᠭᠡᠢ ᠪᠠᠢᠢᠳᠠᠯ᠂ ᠡᠳ᠋ ᠍ ᠦᠨ ᠵᠠᠰᠠᠭ ᠲᠤ ᠦᠵᠡᠭᠦᠯᠬᠦ ᠰᠥᠷᠭᠦ ᠨᠥᠯᠥᠭᠡ ᠢᠢ ᠪᠠᠭᠤᠷᠠᠭᠤᠯᠬᠤ ᠵᠣᠷᠢᠯᠭ᠎ᠠ ᠪᠠᠷ 2022 ᠣᠨ ᠤ 04 ᠳ᠋ᠤᠭᠡᠷ ᠰᠠᠷ᠎ᠠ ᠢᠢᠨ 05 ᠍ ᠤ ᠡᠳᠦᠷ 43 ᠳ᠋ᠤᠭᠠᠷ ᠵᠠᠷᠯᠢᠭ ᠭᠠᠷᠭᠠᠭᠰᠠᠨ᠃
ᠵᠠᠷᠯᠢᠭ ᠤᠨ ᠬᠡᠷᠡᠭᠵᠢᠯᠲᠡ᠂ ᠦᠷ᠎ᠡ ᠳ᠋ᠦᠩ᠂ ᠴᠢᠨᠠᠭᠰᠢᠳᠠ ᠠᠪᠬᠤ ᠠᠷᠭ᠎ᠠ ᠬᠡᠮᠵᠢᠶᠡᠨ ᠦ ᠲᠠᠯ᠎ᠠ ᠪᠠᠷ ᠶᠡᠷᠦᠩᠬᠡᠢᠢᠯᠡᠭᠴᠢ ᠢᠢᠨ ᠡᠷᠡᠭᠦᠯ ᠮᠡᠨᠳᠦ᠂ ᠰᠫᠣᠷᠲ᠂ ᠨᠡᠢᠢᠭᠡᠮ ᠤᠨ ᠪᠣᠳᠣᠯᠭ᠎ᠠ ᠢᠢᠨ ᠵᠥᠪᠯᠡᠬᠦ᠂ ᠠᠨᠠᠭᠠᠬᠤ ᠤᠬᠠᠭᠠᠨ ᠤ ᠳ᠋ᠣᠺᠲ᠋ᠣᠷ ᠲᠤ᠂ ᠮᠥᠩᠬᠡᠰᠠᠢᠢᠬᠠᠨ᠂ ᠴᠠᠭᠳᠠᠭ᠎ᠠ ᠢᠢᠨ ᠶᠡᠷᠦᠩᠬᠡᠢ ᠭᠠᠵᠠᠷ ᠤᠨ ᠨᠡᠢᠢᠰᠯᠡᠯ ᠦᠨ ᠴᠠᠭᠳᠠᠭ᠎ᠠ ᠢᠢᠨ ᠤᠳᠤᠷᠢᠳᠬᠤ ᠭᠠᠵᠠᠷ ᠤᠨ ᠳᠡᠳ᠋ ᠳᠠᠷᠤᠭ᠎ᠠ᠂ ᠴᠠᠭᠳᠠᠭ᠎ᠠ ᠢᠢᠨ ᠬᠤᠷᠠᠨᠭᠳᠠ ᠣ᠊᠂ ᠣᠶᠤᠨᠲᠪᠣᠯᠠᠳ᠂ 《ᠡᠷᠡᠭᠦᠯ ᠮᠣᠩ᠋ᠭᠣᠯ ᠬᠦᠮᠦᠨ》 ᠲᠥᠰᠥᠯ᠂ ᠬᠥᠲᠥᠯᠪᠦᠷᠢ ᠬᠠᠷᠢᠭᠤᠴᠠᠭᠰᠠᠨ ᠠᠯᠪᠠᠨ ᠤ ᠳᠠᠷᠤᠭ᠎ᠠ ᠣ᠊᠂ ᠴᠢᠮᠡᠳᠠᠰᠦ᠋ᠷᠦᠩ ᠨᠠᠷ ᠮᠡᠳᠡᠭᠡᠯᠡᠯ ᠥᠭ᠍ᠪᠡ᠃
ᠡᠬᠢᠨ ᠦ ᠡᠭᠡᠯᠵᠢᠨ ᠳᠥ ᠰᠣᠭᠲᠣᠭᠤᠷᠠᠭᠤᠯᠬᠤ ᠤᠮᠳᠠᠭᠠᠨ ᠤ ᠡᠷᠭᠢᠯᠲᠡ ᠳᠥ ᠬᠢᠨᠠᠯᠲᠠ ᠲᠠᠯᠪᠢᠬᠤ᠂ ᠠᠷᠢᠬᠢᠳᠠᠨ ᠰᠣᠭᠲᠣᠭᠤᠷᠠᠬᠤ ᠲᠠᠢ ᠲᠡᠮᠡᠴᠡᠬᠦ ᠲᠤᠬᠠᠢ᠂ ᠣᠨᠴᠤᠭᠤᠢ ᠠᠯᠪᠠᠨ ᠲᠠᠲᠠᠪᠤᠷᠢ ᠢᠢᠨ ᠲᠤᠬᠠᠢ᠂ ᠵᠠᠰᠠᠭ ᠤᠨ ᠭᠠᠵᠠᠷ ᠤᠨ ᠰᠠᠩ ᠤᠨ ᠲᠤᠬᠠᠢ ᠵᠡᠷᠭᠡ ᠳᠠᠭᠠᠯᠳᠤᠬᠤ 10 ᠭᠠᠷᠤᠢ ᠬᠠᠤᠯᠢ ᠳᠤ ᠥᠭᠡᠷᠡᠴᠢᠯᠡᠯᠲᠡ ᠣᠷᠣᠭᠤᠯᠤᠭᠰᠠᠨ᠃
2022 ᠣᠨ ᠤ ᠡᠬᠢᠨ ᠦ ᠬᠠᠭᠠᠰ ᠲᠤ 16᠂8 ᠰᠠᠶ᠎ᠠ ᠯᠢᠲ᠋ᠷ ᠠᠷᠢᠬᠢ᠂ ᠰᠤᠭᠳᠤᠭᠤᠷᠠᠭᠤᠯᠬᠤ ᠤᠮᠳᠠᠭ᠎ᠠ ᠪᠣᠷᠣᠯᠠᠭᠤᠯᠤᠭᠰᠠᠨ ᠪᠣᠯ ᠡᠨᠡ ᠣᠨ ᠤ ᠮᠥᠨ ᠦᠶ᠎ᠡ ᠳᠥ 14᠂6 ᠰᠠᠶ᠎ᠠ ᠯᠢᠲ᠋ᠷ ᠪᠣᠯᠵᠤ᠂ 2᠂2 ᠰᠠᠶ᠎ᠠ ᠯᠢᠲ᠋ᠷ ᠢᠶᠡᠷ ᠪᠠᠭᠤᠷᠠᠭᠰᠠᠨ ᠪᠠᠢᠢᠨ᠎ᠠ᠃ ᠮᠥᠨ ᠢᠮᠫᠣᠷᠲ ᠢᠶᠠᠷ ᠠᠪᠤᠭᠰᠠᠨ ᠠᠷᠢᠬᠢ᠂ ᠰᠤᠭᠳᠤᠭᠤᠷᠠᠭᠤᠯᠬᠤ ᠤᠮᠳᠠᠭᠠᠨ ᠤ ᠬᠡᠮᠵᠢᠶ᠎ᠡ 150 ᠮᠢᠩ᠋ᠭᠠᠨ ᠯᠢᠲ᠋ᠷ ᠢᠶᠡᠷ ᠪᠠᠭᠠᠰᠴᠠᠢ᠃
2023 ᠣᠨ ᠤ ᠡᠬᠢᠨ ᠦ ᠨᠠᠢᠮᠠᠨ ᠰᠠᠷ᠎ᠠ ᠳᠤ 25᠂392 ᠭᠡᠮᠲᠦ ᠬᠡᠷᠡᠭ ᠪᠦᠷᠢᠳᠬᠡᠭ᠍ᠳᠡᠭᠰᠡᠨ ᠦ 3᠂289 ᠪᠤᠶᠤ 13.0 ᠬᠤᠪᠢ ᠨᠢ ᠰᠣᠭᠲᠣᠭᠤ ᠪᠠᠷ ᠦᠢᠯᠡᠳᠦᠭᠳᠡᠭᠰᠡᠨ ᠭᠡᠮᠲᠦ ᠬᠡᠷᠡᠭ ᠡᠵᠡᠯᠡᠵᠦ᠂ 46.5 ᠬᠤᠪᠢ ᠨᠢ ᠨᠡᠢᠢᠰᠯᠡᠯ ᠳᠥ᠂ 2᠂089 ᠪᠤᠶᠤ 53.5 ᠬᠤᠪᠢ ᠨᠢ ᠣᠷᠣᠨ ᠨᠤᠲᠤᠭ ᠲᠤ ᠪᠦᠷᠢᠳᠬᠡᠭ᠍ᠳᠡᠵᠡᠢ᠃
ᠠᠷᠢᠬᠢ᠂ ᠰᠤᠭᠳᠤᠭᠤᠷᠠᠭᠤᠯᠬᠤ ᠤᠮᠳᠠᠭᠠᠨ ᠤ ᠬᠡᠷᠡᠭᠯᠡᠭᠡ ᠪᠠᠭᠠᠰᠠᠭᠰᠠᠨ ᠢᠶᠠᠷ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠬᠤ ᠳᠤ᠄
ᠰᠣᠭᠲᠣᠭᠤ ᠪᠠᠷ ᠦᠢᠯᠡᠳᠦᠭᠳᠡᠭᠰᠡᠨ ᠭᠡᠮᠲᠦ ᠬᠡᠷᠡᠭ 15.8 ᠬᠤᠪᠢ ᠪᠠᠷ᠂
ᠰᠢᠯᠭᠠᠭᠳᠠᠭᠰᠠᠨ ᠵᠥᠷᠢᠴᠡᠯ 13.6 ᠬᠤᠪᠢ ᠪᠠᠷ᠂
ᠰᠣᠭᠲᠣᠭᠤ ᠪᠠᠷ ᠲᠡᠭᠡᠭᠡᠪᠦᠷᠢ ᠢᠢᠨ ᠬᠡᠷᠡᠭᠰᠡᠯ ᠵᠢᠯᠤᠭᠤᠳᠤᠨ ᠲᠣᠷᠭᠠᠭᠤᠯᠵᠤ᠂ ᠡᠷᠬᠡ ᠪᠡᠨ ᠬᠠᠰᠤᠭᠤᠯᠤᠭᠰᠠᠨ ᠵᠥᠷᠢᠴᠡᠯ 26.0 ᠬᠤᠪᠢ ᠪᠠᠷ᠂
ᠰᠣᠭᠲᠣᠭᠤ ᠪᠠᠷ ᠦᠢᠯᠡᠳᠦᠭᠳᠡᠭᠰᠡᠨ ᠵᠠᠮ ᠲᠡᠭᠡᠭᠡᠪᠦᠷᠢ ᠢᠢᠨ ᠣᠰᠣᠯ 41.3 ᠬᠤᠪᠢ ᠪᠠᠷ᠂
ᠡᠷᠡᠭᠦᠯᠵᠢᠭᠦᠯᠡᠭᠳᠡᠭᠰᠡᠨ ᠬᠦᠮᠦᠨ ᠦ ᠲᠣᠭ᠎ᠠ 76.0 ᠬᠤᠪᠢ ᠪᠠᠷ ᠪᠠᠭᠤᠷᠠᠭᠰᠠᠨ ᠪᠠᠢᠢᠨ᠎ᠠ᠃
ᠣᠨᠴᠤᠭᠤᠢ ᠠᠯᠪᠠᠨ ᠲᠠᠲᠠᠪᠤᠷᠢ ᠢᠢᠨ ᠲᠤᠬᠠᠢ ᠬᠠᠤᠯᠢ ᠳᠤ ᠵᠢᠭᠠᠭᠰᠠᠨ ᠤ ᠳᠠᠭᠠᠭᠤ ᠠᠷᠢᠬᠢ᠂ ᠰᠣᠭᠲᠣᠭᠤᠷᠠᠭᠤᠯᠬᠤ ᠤᠮᠳᠠᠭᠠᠨ ᠤ ᠯᠢᠲ᠋ᠷ ᠲᠤᠲᠤᠮ ᠠᠴᠠ 300 ᠲᠥᠭᠦᠷᠢᠭ᠌ ᠦᠨ ᠣᠷᠣᠯᠭ᠎ᠠ ᠢᠢ ᠠᠷᠢᠬᠢᠳᠠᠨ ᠰᠣᠭᠲᠣᠭᠤᠷᠠᠬᠤ ᠲᠠᠢ ᠲᠡᠮᠡᠴᠡᠬᠦ᠂ ᠤᠷᠢᠳᠴᠢᠯᠠᠨ ᠰᠡᠷᠭᠡᠢᠢᠯᠡᠬᠦ ᠦᠢᠯᠡ ᠠᠵᠢᠯᠯᠠᠭ᠎ᠠ ᠢᠢ ᠳᠡᠮᠵᠢᠬᠦ ᠰᠠᠩ ᠳᠤ ᠲᠤᠬᠠᠢ ᠪᠦᠷᠢ ᠲᠥᠪᠯᠡᠷᠡᠭᠦᠯᠬᠦ ᠪᠡᠷ ᠲᠤᠰᠬᠠᠭᠰᠠᠨ᠃ ᠡᠬᠢᠨ ᠦ ᠵᠢᠷᠭᠤᠭᠠᠨ ᠰᠠᠷ᠎ᠠ ᠢᠢᠨ ᠪᠠᠢᠢᠳᠠᠯ ᠢᠶᠠᠷ ᠲᠤᠰ ᠰᠠᠩ ᠳᠤ 4.3 ᠣᠷᠴᠢᠮ ᠲᠡᠷᠪᠤᠮ ᠬᠤᠷᠠᠮᠲᠤᠯᠠᠭᠳᠠᠭᠠᠳ ᠪᠠᠢᠢᠨ᠎ᠠ᠃
ᠬᠣᠯᠪᠣᠭᠣᠳᠠᠬᠤ ᠪᠠᠢᠢᠭᠤᠯᠤᠯᠭ᠎ᠠ ᠨᠤᠭᠤᠳ ᠬᠠᠮᠲᠤᠷᠠᠨ 《ᠨᠠᠮᠠᠢ ᠢᠢ ᠠᠯᠭᠠᠰᠠ》 ᠵᠡᠷᠭᠡ ᠨᠥᠯᠥᠭᠡᠯᠡᠯ ᠦᠨ ᠠᠶᠠᠨ ᠪᠣᠯᠤᠨ ᠤᠷᠢᠳᠴᠢᠯᠠᠨ ᠰᠡᠷᠭᠡᠢᠢᠯᠡᠬᠦ᠂ ᠰᠣᠶᠣᠨ ᠭᠡᠭᠡᠷᠡᠭᠦᠯᠬᠦ ᠪᠤᠰᠤᠳ ᠠᠷᠭ᠎ᠠ ᠬᠡᠮᠵᠢᠶ᠎ᠡ ᠢᠢ ᠵᠢᠯ ᠦᠨ ᠲᠤᠷᠰᠢ ᠲᠠᠰᠤᠷᠠᠯᠲᠠ ᠦᠭᠡᠢ ᠶᠠᠪᠤᠭᠤᠯᠵᠤ ᠪᠠᠢᠢᠭ᠎ᠠ ᠨᠢ ᠦᠷ᠎ᠡ ᠳ᠋ᠦᠩ᠋ ᠢᠢᠡᠨ ᠥᠭᠴᠡᠢ᠃
ᠢᠷᠡᠬᠦ ᠰᠠᠷ᠎ᠠ ᠳᠤ ᠠᠷᠢᠬᠢ᠂ ᠰᠤᠭᠳᠤᠭᠤᠷᠠᠭᠤᠯᠬᠤ ᠤᠮᠳᠠᠭᠠᠨ ᠠᠴᠠ ᠲᠠᠲᠠᠭᠠᠯᠵᠠᠬᠤ ᠴᠢᠭᠯᠡᠯ ᠢᠶᠡᠷ 21 ᠠᠢᠢᠮᠠᠭ᠂ ᠨᠡᠢᠢᠰᠯᠡᠯ ᠳᠥ 《ᠡᠶᠡᠷᠭᠦ ᠬᠠᠨᠳᠤᠯᠭ᠎ᠠ – ᠡᠷᠡᠭᠦᠯ ᠣᠶᠤᠲᠠᠨ》 ᠹᠧᠰᠲ᠋ᠢᠸᠠᠯᠢ ᠵᠣᠬᠢᠶᠠᠨ ᠪᠠᠢᠢᠭᠤᠯᠤᠨ᠎ᠠ᠃ ᠮᠥᠨ ᠳᠣᠩᠲᠣᠬᠤ ᠡᠮᠭᠡᠭ ᠲᠡᠢ᠂ ᠡᠷᠦᠰᠳᠡᠯ ᠲᠡᠢ ᠪᠣᠯᠤᠨ ᠬᠡᠲᠦᠷᠡᠭᠦᠯᠦᠨ ᠬᠡᠷᠡᠭᠯᠡᠭᠴᠢ 900 ᠭᠠᠷᠤᠢ ᠢᠷᠭᠡᠨ ᠢ ᠡᠮᠴᠢᠯᠡᠭᠡᠨ ᠳᠥ ᠬᠠᠮᠤᠷᠤᠭᠤᠯᠬᠤ ᠶᠤᠮ᠃
ᠲᠡᠭᠦᠨᠴᠢᠯᠡᠨ ᠠᠷᠢᠬᠢ᠂ ᠰᠤᠭᠳᠤᠭᠤᠷᠠᠭᠤᠯᠬᠤ ᠤᠮᠳᠠᠭ᠎ᠠ ᠪᠣᠷᠣᠯᠠᠭᠤᠯᠳᠠᠭ᠂ ᠦᠢᠯᠡᠴᠢᠯᠡᠭᠡ ᠦᠵᠡᠭᠦᠯᠳᠡᠭ ᠭᠠᠵᠠᠷ ᠤᠳ ᠲᠤ ᠬᠠᠤᠯᠢ ᠢᠢᠨ ᠬᠡᠷᠡᠭᠵᠢᠯᠲᠡ ᠢᠢ ᠰᠤᠷᠲᠠᠯᠴᠢᠯᠠᠬᠤ᠂ ᠢᠷᠭᠡᠳ ᠲᠦ ᠡᠭᠡᠯᠢᠲᠡᠢ ᠦᠢᠯᠡᠴᠢᠯᠡᠭᠡ ᠦᠵᠡᠭᠦᠯᠬᠦ ᠬᠠᠨᠳᠤᠯᠭ᠎ᠠ ᠢᠢ ᠲᠥᠯᠦᠪᠰᠢᠭᠦᠯᠬᠦ᠂ ᠡᠷᠡᠭᠦᠯ ᠮᠡᠨᠳᠦ ᠢᠢᠨ ᠪᠣᠯᠪᠠᠰᠤᠷᠠᠯ ᠢ ᠪᠠᠭ᠎ᠠ ᠠᠴᠠ ᠨᠢ ᠰᠢᠰᠲ᠋ᠧᠮ ᠲᠡᠢ᠂ ᠣᠨᠣᠪᠴᠢᠲᠠᠢ ᠣᠯᠭᠤᠬᠤ ᠢᠢᠨ ᠲᠤᠯᠠᠳᠠ ᠰᠤᠷᠭᠠᠭᠤᠯᠢ ᠢᠢᠨ ᠡᠷᠡᠭᠦᠯ ᠮᠡᠨᠳᠦ ᠢᠢᠨ ᠪᠠᠭ ᠢ ᠴᠢᠳᠠᠪᠬᠢᠵᠢᠭᠤᠯᠬᠤ ᠪᠠᠷ ᠲᠥᠯᠥᠪᠯᠡᠵᠡᠢ᠃
ᠳᠡᠯᠡᠬᠡᠢ ᠳᠦ ᠠᠷᠢᠬᠢ᠂ ᠰᠣᠭᠲᠣᠭᠤᠷᠠᠭᠤᠯᠬᠤ ᠤᠮᠳᠠᠭᠠᠨ ᠤ ᠬᠡᠷᠡᠭᠯᠡᠭᠡᠨ ᠡᠴᠡ ᠰᠢᠯᠲᠠᠭᠠᠯᠠᠭᠰᠠᠨ ᠴᠠᠭ ᠪᠤᠰᠤ ᠢᠢᠨ ᠨᠠᠰᠤ ᠪᠠᠷᠠᠯ ᠳᠤ 100᠂000 ᠬᠦᠨᠳᠦ ᠳᠤᠮᠳᠠᠴᠢ ᠪᠠᠷ 35 ᠪᠠᠢᠢᠳᠠᠭ᠃ ᠬᠠᠷᠢᠨ ᠮᠣᠩ᠋ᠭᠣᠯ ᠤᠯᠤᠰ ᠲᠤ 123 ᠪᠤᠶᠤ 3.5 ᠳᠠᠬᠢᠨ ᠶᠡᠬᠡ᠂ ᠰᠢᠭᠤᠳ ᠪᠠ ᠰᠢᠭᠤᠳ ᠪᠤᠰᠤ ᠨᠥᠯᠥᠭᠡᠯᠡᠯ ᠦᠨ ᠤᠯᠠᠮ ᠠᠴᠠ ᠵᠢᠯ ᠳᠦ ᠪᠡᠨ 4᠂000-4᠂500 ᠣᠷᠴᠢᠮ ᠬᠦᠮᠦᠨ ᠨᠠᠰᠤ ᠪᠠᠷᠵᠢ ᠪᠠᠢᠢᠨ᠎ᠠ᠃