Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠦ ᠴᠤᠭᠯᠠᠷᠠᠯᠲᠠ ᠳᠤ ᠤᠷᠤᠯᠴᠠᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ ᠤᠬᠤᠨ᠎ᠠ ᠢᠢᠨ ᠬᠦᠷᠡᠯᠰᠦ᠋ᠬᠡ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠦ ᠣᠨᠣᠯ᠂ ᠠᠷᠭ᠎ᠠ ᠵᠦᠢ ᠢᠢᠨ ᠴᠤᠭᠯᠠᠷᠠᠯᠲᠠ ᠳᠤ ᠤᠷᠤᠯᠴᠠᠪᠠ᠃

ᠲᠡᠷᠡ ᠪᠡᠷ᠎ ᠬᠤᠭᠤᠴᠠᠭᠠᠳᠤ ᠴᠡᠷᠢᠭ ᠦᠨ ᠠᠯᠪᠠᠨ ᠤ ᠲᠣᠭᠲᠠᠯᠴᠠᠭᠠᠨ ᠤ ᠰᠢᠨᠡᠴᠢᠯᠡᠯ ᠢ ᠡᠷᠴᠢᠮᠵᠢᠭᠦᠯᠬᠦ᠂ ᠳᠡᠪᠰᠢᠯᠲᠡᠲᠦ ᠲᠧᠭᠨᠣᠯᠣᠭᠢ᠂ ᠢᠨᠨᠣᠸᠠᠼ᠂ ᠲᠤᠷᠰᠢᠯᠲᠠ᠂ ᠰᠤᠳᠤᠯᠭᠠᠨ ᠤ ᠦᠷ᠎ᠡ ᠳ᠋ᠦᠩ᠂ ᠰᠢᠨ᠎ᠡ ᠪᠦᠲᠦᠭᠡᠯ᠂ ᠣᠨᠣᠪᠴᠢᠲᠠᠢ ᠰᠠᠨᠠᠯ ᠨᠡᠪᠲᠡᠷᠡᠭᠦᠯᠵᠦ ᠪᠠᠢᠢᠭ᠎ᠠ ᠪᠠᠨ ᠤᠯᠠᠮ ᠢᠳᠡᠪᠬᠢᠵᠢᠭᠦᠯᠬᠦ᠂ ᠴᠡᠷᠢᠭ ᠦᠨ ᠮᠡᠷᠭᠡᠵᠢᠯ ᠦᠨ ᠪᠣᠯᠪᠠᠰᠤᠷᠠᠯ᠂ ᠰᠤᠷᠭᠠᠯᠲᠠ ᠪᠡᠯᠡᠳᠬᠡᠯ ᠦᠨ ᠲᠣᠭᠲᠠᠯᠴᠠᠭᠠᠨ ᠤ ᠰᠢᠨᠡᠴᠢᠯᠡᠯ᠂ ᠴᠢᠨᠠᠷ᠂ ᠦᠷ᠎ᠡ ᠨᠥᠯᠥᠭᠡ ᠢᠢ ᠳᠡᠭᠡᠭ᠍ᠰᠢᠯᠡᠭᠦᠯᠬᠦ᠂ ᠡᠩᠬᠡ ᠢᠢ ᠳᠡᠮᠵᠢᠬᠦ ᠠᠵᠢᠯᠯᠠᠭᠠᠨ ᠤ ᠣᠷᠣᠯᠴᠠᠭ᠎ᠠ ᠢᠢ ᠨᠡᠮᠡᠭᠳᠡᠭᠦᠯᠬᠦ᠂ ᠤᠳᠤᠷᠢᠳᠤᠯᠭ᠎ᠠ ᠢᠢᠨ ᠪᠣᠯᠤᠨ ᠴᠡᠷᠢᠭ ᠦᠨ ᠠᠯᠪᠠ ᠬᠠᠭᠠᠭᠴᠢ ᠢᠢᠨ ᠮᠠᠩᠯᠠᠢᠢᠯᠠᠯ᠂ ᠶᠣᠰᠣ ᠵᠦᠢ᠂ ᠲᠥᠯᠦᠪᠰᠢᠯ ᠵᠡᠷᠭᠡ ᠲᠥ ᠣᠨᠴᠤᠭᠤᠢ ᠠᠩᠬᠠᠷᠴᠤ ᠠᠵᠢᠯᠯᠠᠬᠤ ᠢᠢ ᠰᠠᠨᠠᠭᠤᠯᠤᠯ᠎ᠠ᠃
《ᠥᠭᠡᠷᠡᠴᠢᠯᠡᠯᠲᠡ ᠢᠢᠨ ᠮᠧᠨᠧᠵᠮᠧᠨᠲ ᠪᠠ ᠴᠡᠷᠢᠭ ᠦᠨ ᠰᠤᠷᠭᠠᠯᠲᠠ ᠪᠡᠯᠡᠳᠬᠡᠯ》 ᠰᠡᠳᠦᠪ ᠢᠶᠡᠷ ᠵᠣᠬᠢᠶᠠᠵᠤ ᠪᠤᠢ ᠡᠨᠡ ᠤᠳᠠᠭ᠎ᠠ ᠢᠢᠨ ᠴᠤᠭᠯᠠᠷᠠᠯᠲᠠ ᠳᠤ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠤᠳᠤᠷᠢᠳᠤᠯᠭ᠎ᠠ ᠨᠤᠭᠤᠳ᠂ ᠲᠥᠷᠥᠯ ᠦᠨ ᠴᠡᠷᠢᠭ ᠦᠨ ᠺᠣᠮᠠᠨᠳᠠᠯᠠᠭᠴᠢ ᠳᠤ᠂ ᠪᠠᠷᠢᠯᠭ᠎ᠠ ᠢᠨᠵᠧᠨᠧᠷ ᠦᠨ ᠴᠡᠷᠢᠭ ᠦᠨ ᠤᠳᠤᠷᠢᠳᠬᠤ ᠭᠠᠵᠠᠷ ᠤᠨ ᠳᠠᠷᠤᠭ᠎ᠠ᠂ ᠵᠡᠪᠰᠡᠭᠲᠦ ᠬᠦᠴᠦᠨ ᠦ ᠨᠢᠭᠡᠳᠬᠡᠯ᠂ ᠠᠩ᠋ᠭᠢ ᠨᠤᠭᠤᠳ ᠤᠨ ᠵᠠᠬᠢᠷᠤᠭᠴᠢ ᠨᠠᠷ ᠣᠷᠣᠯᠴᠠᠵᠤ ᠪᠠᠢᠢᠨ᠎ᠠ᠃

ᠲᠡᠳᠡ 《ᠥᠭᠡᠷᠡᠴᠢᠯᠡᠯᠲᠡ ᠢᠢᠨ ᠮᠧᠨᠧᠵᠮᠧᠨᠲ ᠢ ᠴᠡᠷᠢᠭ ᠦᠨ ᠰᠤᠷᠭᠠᠯᠲᠠ ᠪᠡᠯᠡᠳᠬᠡᠯ ᠲᠡᠢ ᠤᠶᠠᠯᠳᠤᠭᠤᠯᠬᠤ ᠨᠢ》 ᠰᠡᠳᠦᠪ ᠢᠶᠡᠷ ᠦᠨᠳᠦᠰᠦᠨ ᠢᠯᠡᠳᠬᠡᠯ ᠬᠡᠯᠡᠯᠴᠡᠵᠦ᠂ 《ᠥᠭᠡᠷᠡᠴᠢᠯᠡᠯᠲᠡ ᠢᠢᠨ ᠤᠳᠤᠷᠢᠳᠤᠯᠭ᠎ᠠ ᠢᠢᠨ ᠠᠷᠭ᠎ᠠ ᠵᠦᠢ》᠂ 《ᠣᠯᠠᠨ ᠤᠯᠤᠰ ᠤᠨ ᠠᠶᠤᠯ ᠦᠭᠡᠢ ᠪᠠᠢᠢᠳᠠᠯ ᠤᠨ ᠣᠷᠴᠢᠨ ᠪᠠ ᠮᠣᠩ᠋ᠭᠣᠯ ᠤᠯᠤᠰ》᠂ 《ᠥᠭᠡᠷᠡᠴᠢᠯᠡᠯᠲᠡ ᠢᠢᠨ ᠮᠧᠨᠧᠵᠮᠧᠨᠲ ᠪᠠ ᠲᠥᠷᠥ ᠢᠢᠨ ᠠᠯᠪᠠᠨ ᠤ ᠰᠢᠨᠡᠳᠬᠡᠯ》 ᠰᠡᠳᠦᠪ ᠢᠶᠡᠷ ᠣᠨᠣᠯ᠂ ᠠᠷᠭ᠎ᠠ ᠵᠦᠢ ᠢᠢᠨ ᠮᠡᠳᠡᠭᠡᠯᠡᠯ ᠠᠪᠤᠯ᠎ᠠ᠃

ᠮᠥᠨ 《ᠵᠡᠪᠰᠡᠭᠲᠦ ᠬᠦᠴᠦᠨ ᠦ ᠵᠠᠯᠠᠭᠤ ᠣᠹᠢᠼᠧᠷ ᠤᠳ ᠢ ᠳᠡᠮᠵᠢᠬᠦ ᠵᠢᠯ》 ᠍ ᠦᠨ ᠬᠦᠷᠢᠶᠡᠨ ᠳᠥ ᠪᠠᠲᠤᠯᠠᠨ ᠬᠠᠮᠠᠭᠠᠯᠠᠬᠤ ᠶᠠᠮᠤᠨ᠂ ᠵᠡᠪᠰᠡᠭᠲᠦ ᠬᠦᠴᠦᠨ ᠦ ᠵᠠᠩᠵᠤᠨ ᠱᠲ᠋ᠠᠪ ᠠᠴᠠ ᠵᠣᠬᠢᠶᠠᠨ ᠪᠠᠢᠢᠭᠤᠯᠤᠭᠰᠠᠨ 《ᠵᠠᠯᠠᠭᠤ ᠣᠹᠢᠼᠧᠷ ᠤᠳ ᠤᠨ ᠨᠡᠢᠢᠭᠡᠮ ᠤᠨ ᠠᠰᠠᠭᠤᠳᠠᠯ᠂ ᠢᠲᠡᠭᠡᠯ ᠦᠨᠡᠮᠰᠢᠯ ᠦᠨ ᠲᠠᠯᠠᠭᠠᠷᠬᠢ ᠰᠣᠴᠢᠶᠤᠯᠣᠭᠢ ᠤᠨ ᠰᠤᠳᠤᠯᠭ᠎ᠠ ᠲᠠᠢ ᠲᠠᠨᠢᠯᠴᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ ᠤᠬᠤᠨ᠎ᠠ ᠢᠢᠨ ᠬᠦᠷᠡᠯᠰᠦ᠋ᠬᠡ ᠮᠥᠨ ᠡᠳᠦᠷ ᠮᠠᠷᠱᠠᠯ ᠬᠤ‍᠂ ᠴᠣᠢᠢᠪᠠᠯᠰᠠᠩ ᠤᠨ ᠨᠡᠷᠡᠮᠵᠢᠲᠦ᠂ ᠰᠦᠬᠡᠪᠠᠭᠠᠲᠤᠷ ᠤᠨ ᠪᠣᠯᠤᠨ ᠪᠠᠢᠢᠯᠳᠤᠭᠠᠨ ᠤ ᠭᠠᠪᠢᠶᠠᠨ ᠤ ᠤᠯᠠᠭᠠᠨ ᠲᠤᠭ ᠤᠨ ᠣᠳᠣᠨ ᠲᠤ ᠵᠡᠪᠰᠡᠭᠲᠦ ᠬᠦᠴᠦᠨ ᠦ 016 ᠳ᠋ᠤᠭᠠᠷ ᠨᠢᠭᠡᠳᠬᠡᠯ ᠳᠥ ᠠᠵᠢᠯᠯᠠᠯ᠎ᠠ᠃

ᠲᠡᠷᠡ ᠪᠡᠷ᠎ ᠪᠠᠢᠢᠯᠳᠤᠭᠴᠢᠳ ᠢ ᠬᠤᠭᠤᠴᠠᠭᠠᠳᠤ ᠴᠡᠷᠢᠭ ᠦᠨ ᠠᠯᠪᠠ ᠪᠠᠨ ᠨᠡᠷ᠎ᠡ ᠲᠥᠷᠥ ᠲᠡᠢ ᠬᠠᠭᠠᠵᠤ ᠪᠠᠢᠢᠭ᠎ᠠ ᠳ᠋ᠤ ᠨᠢ ᠪᠠᠶᠠᠷ ᠬᠦᠷᠭᠡᠵᠦ᠂ ᠴᠢᠨᠠᠬᠰᠢᠳᠠ ᠢᠢᠨ ᠬᠢ ᠨᠢ ᠠᠮᠢᠳᠤᠷᠠᠯ ᠳᠤ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠯ ᠡ᠃

ᠵᠡᠪᠰᠡᠭᠲᠦ ᠬᠦᠴᠦᠨ ᠦ 016 ᠳ᠋ᠤᠭᠠᠷ ᠨᠢᠭᠡᠳᠬᠡᠯ ᠬᠠᠤᠯᠢ ᠪᠠᠷ ᠬᠦᠯᠢᠶᠡᠭᠰᠡᠨ ᠡᠭᠦᠷᠭᠡ ᠪᠡᠨ ᠭᠦᠢᠴᠡᠳᠭᠡᠬᠦ ᠢᠢᠨ ᠵᠡᠷᠭᠡᠴᠡᠭᠡ 《ᠵᠢᠱᠢᠭ ᠴᠡᠷᠢᠭ ᠦᠨ ᠬᠣᠲᠠᠬᠠᠨ》 ᠲᠥᠰᠥᠯ ᠬᠡᠷᠡᠭᠵᠢᠭᠦᠯᠵᠦ ᠪᠠᠢᠢᠨ᠎ᠠ᠃ ᠡᠨᠡ ᠬᠦᠷᠢᠶᠡᠨ ᠳᠥ ᠴᠡᠷᠢᠭ ᠦᠨ ᠪᠠᠢᠢᠷᠢ᠂ ᠳᠤᠯᠠᠭᠠᠨ ᠤ ᠪᠣᠯᠤᠨ ᠴᠡᠪᠡᠷ ᠤᠰᠤᠨ ᠤ ᠱᠤᠭᠤᠮ᠂ ᠠᠭᠤᠷ ᠤᠨ ᠵᠤᠤᠬ᠎ᠠ᠂ ᠬᠠᠯᠠᠭᠤᠨ ᠤᠰᠤ᠂ ᠤᠭᠢᠶᠠᠯᠭ᠎ᠠ ᠢᠢᠨ ᠭᠠᠵᠠᠷ ᠵᠡᠷᠭᠡ ᠢᠢ ᠰᠢᠨᠡᠴᠢᠯᠡᠭᠰᠡᠨ᠃ ᠴᠢᠨᠠᠭᠰᠢᠳᠠ ᠨᠢᠭᠡᠳᠬᠡᠯ ᠦᠨ ᠱᠲ᠋ᠠᠪ᠂ ᠰᠢᠯᠭᠠᠨ ᠨᠡᠪᠲᠡᠷᠡᠭᠦᠯᠬᠦ ᠪᠠᠢᠢᠷᠢ᠂ ᠰᠫᠣᠷᠲ ᠴᠣᠭᠴᠠᠯᠠᠪᠤᠷᠢ᠂ ᠴᠡᠷᠢᠭ ᠦᠨ ᠭᠠᠯ ᠲᠣᠭᠣᠭ᠎ᠠ ᠵᠡᠷᠭᠡ ᠢᠢ ᠰᠢᠨᠡᠴᠢᠯᠡᠨ ᠵᠠᠰᠠᠪᠤᠷᠢᠯᠠᠵᠤ᠂ ᠪᠠᠷᠢᠬᠤ ᠪᠠᠷ ᠲᠥᠯᠥᠪᠯᠡᠵᠡᠢ᠃

ᠮᠥᠨ ᠨᠢᠭᠡᠳᠬᠡᠯ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 6᠂000 ᠭᠠᠷᠤᠢ ᠮᠣᠳᠣ᠂ ᠪᠤᠲᠠ᠂ ᠰᠥᠭᠡᠭ ᠲᠠᠷᠢᠵᠤ᠂ ᠤᠰᠤᠯᠠᠭᠠᠨ ᠤ ᠰᠢᠰᠲ᠋ᠧᠮ ᠰᠠᠭᠤᠷᠢᠯᠠᠭᠤᠯᠤᠨ᠂ 11᠂000 ᠭᠠᠷᠤᠢ ᠮᠧᠲᠷ ᠺᠸᠠᠳ᠋ᠷᠠᠲ ᠲᠠᠯᠠᠪᠠᠢ ᠢᠢ ᠵᠦᠯᠭᠡᠵᠢᠭᠦᠯᠦᠭᠡᠳ ᠪᠠᠢᠢᠨ᠎ᠠ᠃