ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠲᠣᠬᠢᠶᠠᠯᠳᠤᠭᠤᠯᠤᠨ ᠲᠥᠷᠦ ᠢᠢᠨ ᠲᠡᠦᠬᠡ ᠢᠢᠨ ᠮᠦᠽᠧᠢ ᠢᠢᠨ ᠦᠵᠡᠰᠬᠦᠯᠡᠩ ᠦᠨ ᠲᠠᠩᠬᠢᠮ ᠳᠤ ᠬᠡᠦᠬᠡᠳ᠂ ᠪᠠᠭᠠᠴᠤᠳ ᠤᠨ ᠭᠠᠷ ᠵᠢᠷᠤᠭ ᠤᠨ ᠪᠣᠯᠤᠨ ᠵᠠᠬᠢᠳᠠᠯ ᠤᠨ ᠦᠵᠡᠰᠬᠦᠯᠡᠩ ᠳᠡᠯᠭᠡᠭ᠍ᠳᠡᠯᠡ᠃ ᠡᠨᠡᠬᠦ ᠦᠵᠡᠰᠬᠦᠯᠡᠩ ᠢ ᠥᠨᠥᠳᠥᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠵᠡᠵᠦ᠂ ᠬᠡᠦᠬᠡᠳ ᠪᠠᠭᠠᠴᠤᠳ ᠲᠤ ᠪᠠᠶᠠᠷ ᠬᠦᠷᠭᠡᠯ᠎ᠡ᠃
ᠦᠵᠡᠰᠬᠦᠯᠡᠩ ᠳᠥ ᠲᠠᠯᠪᠢᠭᠳᠠᠭᠰᠠᠨ ᠬᠡᠦᠬᠡᠳ ᠦᠳ ᠦᠨ ᠪᠦᠲᠦᠭᠡᠯ ᠦᠳ ᠨᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ 《ᠰᠠᠢᠢᠨ ᠬᠥᠷᠰᠢ ᠨᠦᠭᠦᠳ》 ᠣᠯᠠᠨ ᠤᠯᠤᠰ ᠤᠨ ᠲᠥᠷᠦ ᠢᠢᠨ ᠪᠤᠰᠤ ᠪᠠᠢᠢᠭᠤᠯᠤᠯᠭ᠎ᠠ ᠢᠢᠨ ᠮᠣᠩᠭ᠋ᠣᠯ ᠳ᠋ᠠᠬᠢ ᠲᠥᠯᠦᠭᠡᠯᠡᠭᠴᠢ ᠢᠢᠨ ᠭᠠᠵᠠᠷ᠂ ᠰᠤᠷᠭᠠᠭᠤᠯᠢ ᠢᠢᠨ ᠨᠡᠢᠢᠭᠡᠮ ᠦᠨ ᠠᠵᠢᠯᠲᠠᠨ ᠨᠤᠭᠤᠳ ᠤᠨ ᠨᠡᠢᠢᠭᠡᠮᠯᠢᠭ᠌ ᠦᠨ ᠬᠠᠮᠲᠤᠷᠠᠨ ᠵᠣᠬᠢᠶᠠᠨ ᠪᠠᠢᠢᠭᠤᠯᠤᠭᠰᠠᠨ 《ᠶᠡᠷᠦᠩᠬᠡᠢᠢᠯᠡᠭᠴᠢ ᠳᠥ ᠬᠦᠷᠭᠡᠬᠦ ᠮᠢᠨᠤ ᠦᠭᠡ》 ᠠᠶᠠᠨ ᠤ ᠬᠦᠷᠢᠶᠡᠨ ᠳᠥ ᠴᠤᠭᠯᠠᠭᠰᠠᠨ ᠶᠤᠮ᠃
ᠡᠨᠡᠬᠦ ᠠᠶᠠᠨ 2018 ᠣᠨ ᠤ ᠲᠠᠪᠤᠳᠤᠭᠠᠷ ᠰᠠᠷ᠎ᠠ ᠢᠢᠨ 15-25 ᠍ ᠤ ᠡᠳᠦᠷ ᠢ ᠬᠦᠷᠲᠡᠯ᠎ᠡ ᠦᠷᠭᠦᠯᠵᠢᠯᠡᠭᠰᠡᠨ ᠪᠥᠭᠡᠳ ᠤᠯᠤᠰ ᠳᠠᠶᠠᠭᠠᠷ 180 ᠭᠠᠷᠤᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠥ ᠰᠤᠷᠤᠯᠴᠠᠵᠤ ᠪᠠᠢᠢᠭ᠎ᠠ 6-18 ᠨᠠᠰᠤᠨ ᠤ ᠬᠡᠦᠬᠡᠳ ᠦᠳ ᠡᠴᠡ 10516 ᠵᠠᠬᠢᠳᠠᠯ᠂ 1268 ᠭᠠᠷ ᠵᠢᠷᠤᠭ ᠢᠷᠡᠭᠰᠡᠨ ᠡᠴᠡ ᠲᠥᠷᠥ ᠢᠢᠨ ᠲᠡᠦᠬᠡ ᠢᠢᠨ ᠮᠦᠽᠧᠢ ᠢᠢᠨ ᠦᠵᠡᠰᠬᠦᠯᠡᠩ ᠦᠨ ᠲᠠᠩᠬᠢᠮ ᠳᠤ ᠥᠨᠥᠳᠥᠷ ᠵᠢᠷᠤᠭ᠂ ᠵᠠᠬᠢᠳᠠᠯ ᠨᠡᠢᠢᠯᠡᠭᠰᠡᠨ 100 ᠣᠷᠴᠢᠮ ᠪᠦᠲᠦᠭᠡᠯ ᠢ ᠳᠡᠯᠭᠡᠨ ᠲᠠᠨᠢᠯᠴᠠᠭᠤᠯᠤᠭᠰᠠᠨ ᠶᠤᠮ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢ ᠦᠵᠡᠰᠬᠦᠯᠡᠩ ᠢ ᠦᠵᠡᠬᠦ ᠦᠶ᠎ᠡ ᠪᠡᠷ ᠪᠠᠭᠠᠴᠤᠳ ᠥᠪᠡᠷᠰᠡᠳ ᠦᠨ ᠵᠠᠬᠢᠳᠠᠯ᠂ ᠭᠠᠷ ᠵᠢᠷᠤᠭ ᠢ ᠲᠠᠢᠢᠯᠪᠤᠷᠢᠯᠠᠵᠤ᠂ ᠪᠦᠲᠦᠭᠡᠯ ᠢᠶᠡᠷ ᠢᠶᠡᠨ ᠳᠠᠮᠵᠢᠭᠤᠯᠤᠨ ᠤᠯᠤᠰ ᠣᠷᠣᠨ ᠤ ᠪᠠᠨ ᠢᠷᠡᠭᠡᠳᠦᠢ᠂ ᠬᠥᠭ᠍ᠵᠢᠯ ᠳᠡᠪᠰᠢᠯ ᠦᠨ ᠲᠥᠯᠥᠭᠡ ᠪᠦᠲᠦᠭᠡᠯᠴᠢ ᠰᠠᠨᠠᠯ᠂ ᠰᠠᠨᠠᠭᠠᠴᠢᠯᠠᠭ᠎ᠠ᠂ ᠬᠦᠰᠡᠯ ᠮᠥᠷᠥᠭᠡᠳᠦᠯ᠂ ᠦᠵᠡᠯ ᠪᠣᠳᠣᠯ ᠢᠶᠠᠨ ᠢᠯᠡᠷᠬᠡᠢᠢᠯᠡᠬᠦ ᠢᠢ ᠬᠦᠰᠡᠭᠰᠡᠨ ᠭᠡᠳᠡᠭ ᠢᠶᠡᠨ ᠬᠡᠯᠡᠵᠦ ᠪᠠᠢᠢᠯ᠎ᠠ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠡᠦᠬᠡᠳ᠂ ᠪᠠᠭᠠᠴᠤᠳ ᠲᠤ ᠬᠡᠦᠬᠡᠳ ᠦᠨ ᠪᠠᠶᠠᠷ ᠤᠨ ᠮᠡᠨᠳᠦ ᠬᠦᠷᠭᠡᠭᠡᠳ᠂ ᠬᠡᠦᠬᠡᠳ ᠦᠳ ᠲᠠ ᠪᠦᠬᠦᠨ ᠮᠣᠩᠭ᠋ᠣᠯ ᠤᠯᠤᠰ ᠤᠨ ᠬᠦᠮᠦᠨ ᠠᠮᠠ ᠢᠢᠨ 34 ᠬᠤᠪᠢ ᠢᠢ ᠡᠵᠡᠯᠡᠳᠡᠭ᠃ ᠲᠡᠢᠢᠮᠦ ᠡᠴᠡ ᠴᠤ ᠬᠡᠦᠬᠡᠳ᠂ ᠪᠠᠭᠠᠴᠤᠳ ᠤᠨ ᠡᠷᠬᠡ ᠢᠢ ᠬᠠᠮᠠᠭᠠᠯᠠᠬᠤ ᠲᠤᠰᠬᠠᠢᠢᠯᠠᠭᠰᠠᠨ ᠬᠠᠤᠯᠢ ᠪᠠᠢᠢᠳᠠᠭ ᠶᠤᠮ᠃ ᠡᠨᠡ ᠬᠠᠤᠯᠢ ᠢᠢ ᠢᠯᠡᠭᠦᠦ ᠰᠠᠢᠢᠨ ᠬᠡᠷᠡᠭᠵᠢᠳᠡᠭ ᠪᠣᠯᠭᠠᠬᠤ᠂ ᠬᠡᠦᠬᠡᠳ ᠦᠳ ᠲᠠ ᠪᠦᠬᠦᠨ ᠦ ᠦᠵᠡᠯ ᠪᠣᠳᠣᠯ ᠢᠶᠠᠨ ᠴᠢᠯᠦᠭᠡᠲᠡᠢ ᠢᠯᠡᠷᠬᠡᠢᠢᠯᠡᠬᠦ ᠡᠷᠬᠡ ᠢᠢ ᠬᠠᠩᠭ᠋ᠠᠬᠤ᠂ ᠳᠠᠭᠤ ᠬᠣᠭᠣᠯᠠᠢ ᠢᠢ ᠴᠢᠨᠢ ᠰᠣᠨᠣᠰᠬᠤ ᠠᠰᠠᠭᠤᠳᠠᠯ ᠳᠤ ᠪᠢᠳᠡ ᠢᠯᠡᠭᠦᠦ ᠶᠡᠬᠡ ᠠᠩᠬᠠᠷᠤᠯ ᠢᠶᠠᠨ ᠬᠠᠩᠳᠠᠭᠤᠯᠬᠤ ᠶᠣᠰᠣᠲᠠᠢ ᠤᠴᠢᠷ ᠠᠴᠠ 《ᠶᠡᠷᠦᠩᠬᠡᠢᠢᠯᠡᠭᠴᠢ ᠳᠥ ᠬᠦᠷᠭᠡᠬᠦ ᠮᠢᠨᠤ ᠦᠭᠡ》 ᠠᠶᠠᠨ ᠢ ᠵᠣᠬᠢᠶᠠᠨ ᠪᠠᠢᠢᠭᠤᠯᠤᠭᠰᠠᠨ ᠲᠠᠯ᠎ᠠ ᠪᠠᠷ ᠬᠡᠦᠬᠡᠳ ᠦᠳ ᠲᠥ ᠶᠠᠷᠢᠵᠤ ᠥᠭ᠍ᠭᠦᠭ᠍ᠰᠡᠨ ᠶᠤᠮ᠃
ᠠᠶᠠᠨ ᠤ ᠬᠦᠷᠢᠶᠡᠨ ᠳᠥ ᠨᠡᠢᠢᠲᠡ 11784 ᠵᠠᠬᠢᠳᠠᠯ᠂ ᠭᠠᠷ ᠵᠢᠷᠤᠭ ᠢᠷᠡᠭᠰᠡᠨ ᠡᠴᠡ ᠳᠠᠪᠬᠤᠷᠳᠠᠭᠰᠠᠨ ᠤᠳᠬ᠎ᠠ ᠪᠠᠷ ᠢᠶᠠᠨ᠄
- 5 ᠬᠤᠪᠢ ᠨᠢ ᠲᠤᠰᠠᠯᠠᠮᠵᠢ᠂ ᠳᠡᠮᠵᠢᠯᠭᠡ ᠬᠦᠰᠡᠭᠰᠡᠨ
- 20 ᠬᠤᠪᠢ ᠨᠢ ᠰᠤᠷᠭᠠᠭᠤᠯᠢ᠂ ᠣᠷᠣᠨ ᠨᠤᠲᠤᠭ ᠤᠨ ᠢᠶᠠᠨ ᠬᠥᠭ᠍ᠵᠢᠯ᠂ ᠲᠣᠬᠢᠵᠢᠯᠲᠠ ᠢᠢᠨ ᠠᠰᠠᠭᠤᠳᠠᠯ ᠢ ᠬᠥᠨᠳᠡᠭᠰᠡᠨ
- 25 ᠬᠤᠪᠢ ᠨᠢ ᠬᠦᠰᠡᠯ ᠮᠥᠷᠥᠭᠡᠳᠦᠯ ᠢᠶᠡᠨ ᠢᠯᠡᠷᠬᠡᠢᠢᠯᠡᠭᠰᠡᠨ
- 15 ᠬᠤᠪᠢ ᠨᠢ ᠬᠠᠤᠯᠢ ᠲᠣᠭᠲᠠᠭᠠᠮᠵᠢ ᠢᠢᠨ ᠬᠡᠷᠡᠭᠵᠢᠯᠲᠡ ᠢᠢᠨ ᠠᠰᠠᠭᠤᠳᠠᠯ ᠢ ᠬᠥᠨᠳᠡᠭᠰᠡᠨ
- 20 ᠬᠤᠪᠢ ᠨᠢ ᠬᠡᠦᠬᠡᠳ ᠦᠨ ᠡᠷᠬᠡ᠂ ᠬᠠᠮᠠᠭᠠᠯᠠᠯ ᠤᠨ ᠠᠰᠠᠭᠤᠳᠠᠯ ᠢ
- 20 ᠬᠤᠪᠢ ᠨᠢ ᠤᠯᠤᠰ ᠣᠷᠣᠨ ᠤ ᠬᠥᠭ᠍ᠵᠢᠯ ᠳᠥ ᠨᠡᠮᠡᠷᠢ ᠪᠣᠯᠬᠤᠢᠢᠴᠠ ᠰᠢᠨ᠎ᠡ ᠰᠠᠨᠠᠭ᠎ᠠ᠂ ᠰᠠᠨᠠᠭᠠᠴᠢᠯᠠᠭ᠎ᠠ ᠳᠡᠪᠰᠢᠭᠦᠯᠦᠭᠰᠡᠨ ᠪᠠᠢᠢᠨ᠎ᠠ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠵᠡᠰᠬᠦᠯᠡᠩ ᠦᠵᠡᠵᠦ ᠳᠠᠭᠤᠰᠤᠭᠰᠠᠨ ᠤ ᠳᠠᠷᠠᠭ᠎ᠠ ᠬᠡᠦᠬᠡᠳ ᠦᠳ ᠲᠡᠢ ᠬᠠᠮᠲᠤ ᠳᠤᠷᠠᠰᠬᠠᠯ ᠤᠨ ᠵᠢᠷᠤᠭ ᠲᠠᠲᠠᠭᠤᠯᠵᠤ᠂ ᠦᠵᠡᠰᠬᠦᠯᠡᠩ ᠳᠥ ᠣᠷᠣᠯᠴᠠᠭᠰᠠᠨ ᠬᠡᠦᠬᠡᠳ ᠦᠳ ᠲᠥ ᠬᠡᠦᠬᠡᠳ ᠦᠨ ᠪᠠᠶᠠᠷ ᠤᠨ ᠪᠡᠯᠡᠭ ᠭᠠᠷᠳᠠᠭᠤᠯᠵᠤ᠂ ᠰᠠᠢᠢᠨ ᠰᠠᠢᠢᠬᠠᠨ ᠢᠷᠡᠭᠡᠳᠦᠢ ᠢᠢ ᠬᠦᠰᠡᠨ ᠢᠷᠦᠭᠡᠪᠡ᠃