ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠹᠷᠠᠨ᠋ᠼ ᠤᠯᠤᠰ ᠲᠤ ᠬᠢᠵᠦ ᠪᠤᠢ ᠲᠥᠷᠥ ᠢᠢᠨ ᠠᠢᠢᠯᠴᠢᠯᠠᠯ ᠤᠨ ᠬᠦᠷᠢᠶᠡᠨ ᠳᠥ ᠮᠣᠩ᠋ᠭᠣᠯ ᠤᠯᠤᠰ ᠤᠨ ᠰᠤᠶᠤᠯ ᠤᠨ ᠡᠯᠴᠢ ᠮᠣᠷᠢᠨ ᠬᠤᠭᠤᠷ ᠤᠨ ᠴᠢᠭᠤᠯᠭ᠎ᠠ 2023 ᠣᠨ ᠤ 10 ᠳ᠋ᠤᠭᠠᠷ ᠰᠠᠷ᠎ᠠ ᠢᠢᠨ 11 ᠍ ᠦ ᠡᠳᠦᠷ ᠸᠧᠷᠰᠠᠯ ᠤᠨ ᠣᠷᠳᠣᠨ ᠤ ᠬᠠᠭᠠᠨ ᠤ ᠳᠠᠭᠤᠷᠢ ᠢᠢᠨ ᠲᠢᠶᠠᠲ᠋ᠷ ᠲᠤ ᠠᠩᠬ᠎ᠠ ᠤᠳᠠᠭ᠎ᠠ ᠲᠣᠭᠯᠠᠯᠲᠠ ᠬᠢᠪᠡ᠃
ᠲᠣᠭᠯᠠᠯᠲᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ ᠪᠣᠯᠤᠨ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠧᠦ᠋ᠷᠣᠫᠠ᠂ ᠭᠠᠳᠠᠭᠠᠳᠤ ᠬᠡᠷᠡᠭ ᠦᠨ ᠰᠠᠢᠢᠳ ᠺᠠᠲ᠋ᠧᠷᠢᠨ ᠺᠣᠯᠣᠨᠨᠠ ᠵᠡᠷᠭᠡ ᠹᠷᠠᠨ᠋ᠼ ᠤᠨ ᠲᠥᠷᠦ᠂ ᠵᠠᠰᠠᠭ᠂ ᠨᠡᠢᠢᠭᠡᠮ ᠦᠨ ᠵᠢᠳᠬᠦᠯᠲᠡᠨ ᠨᠦᠭᠦᠳ᠂ ᠫᠠᠷᠢᠰ ᠲᠤ ᠲᠥᠪ ᠲᠡᠢ ᠣᠯᠠᠨ ᠤᠯᠤᠰ ᠤᠨ ᠪᠠᠢᠢᠭᠤᠯᠤᠯᠭ᠎ᠠ ᠤᠨ ᠤᠳᠤᠷᠢᠳᠤᠯᠭ᠎ᠠ ᠢᠢᠨ ᠲᠥᠯᠦᠭᠡᠯᠡᠯ ᠵᠡᠷᠭᠡ 600 ᠣᠷᠴᠢᠮ ᠥᠨᠳᠦᠷ ᠠᠯᠪᠠᠨ ᠤ ᠵᠣᠴᠢᠳ ᠤᠷᠢᠯᠭ᠎ᠠ ᠪᠠᠷ ᠦᠵᠡᠯ᠎ᠡ᠃
ᠮᠣᠷᠢᠨ ᠬᠤᠭᠤᠷ ᠤᠨ ᠴᠢᠭᠤᠯᠭ᠎ᠠ ᠸᠧᠷᠰᠠᠯ ᠤᠨ ᠣᠷᠳᠣᠨ ᠤ ᠬᠠᠭᠠᠨ ᠤ ᠳᠠᠭᠤᠷᠢ ᠢᠢᠨ ᠲᠢᠶᠠᠲ᠋ᠷ ᠤᠨ ᠲᠠᠢᠢᠵᠠᠨᠠ ᠥᠪᠡᠷ ᠦᠨ ᠤᠷ᠎ᠠ ᠢᠢᠨ ᠰᠠᠩ᠋ ᠡᠴᠠ ᠪᠡᠨ ᠦᠨᠳᠦᠰᠦᠨ ᠦ᠂ ᠠᠷᠠᠳ ᠤᠨ ᠪᠣᠯᠤᠨ ᠰᠣᠩ᠋ᠭᠣᠳᠠᠭ ᠲᠥᠷᠥᠯ ᠦᠨ 15 ᠪᠦᠲᠦᠭᠡᠯ ᠢ ᠲᠣᠯᠢᠯᠠᠭᠤᠯᠤᠭᠰᠠᠨ ᠨᠢ ᠦᠵᠡᠭᠴᠢ ᠣᠯᠠᠨ ᠤ ᠲᠠᠯᠠᠷᠬᠠᠯ ᠢ ᠬᠦᠯᠢᠶᠡᠭᠰᠡᠨ ᠪᠥᠭᠡᠳ ᠲᠤᠰ ᠲᠢᠶᠠᠲ᠋ᠷ ᠲᠤ ᠲᠣᠭᠯᠠᠭᠰᠠᠨ ᠮᠣᠩ᠋ᠭᠣᠯ ᠤᠨ ᠠᠩᠬᠠᠨ ᠤ ᠤᠷᠠᠨ ᠪᠦᠲᠦᠭᠡᠯᠴᠢᠳ ᠪᠣᠯᠤᠭᠰᠠᠨ ᠢᠶᠠᠷ ᠢᠶᠠᠨ ᠣᠨᠴᠠᠯᠢᠭ ᠪᠠᠢᠢᠪᠠ᠃
ᠮᠣᠷᠢᠨ ᠬᠤᠭᠤᠷ ᠤᠨ ᠴᠢᠭᠤᠯᠭ᠎ᠠ ᠡᠭᠦᠰᠬᠡᠨ ᠪᠠᠢᠢᠭᠤᠯᠤᠭᠳᠠᠬᠰᠠᠨ ᠠᠴᠠ ᠬᠣᠢᠢᠰᠢ 31 ᠵᠢᠯ ᠦᠨ ᠬᠤᠭᠤᠴᠠᠭᠠᠨ ᠳᠤ 30 ᠭᠠᠷᠤᠢ ᠣᠷᠣᠨ ᠳᠤ 650 ᠭᠠᠷᠤᠢ ᠲᠣᠭᠯᠠᠯᠲᠠ ᠬᠢᠭᠡᠳ ᠪᠠᠢᠢᠨ᠎ᠠ᠃ ᠲᠤᠬᠠᠢᠢᠯᠠᠪᠠᠯ᠂ ᠠᠮᠧᠷᠢᠺᠠ ᠢᠢᠨ ᠨᠢᠭᠡᠳᠦᠭᠰᠡᠨ ᠤᠯᠤᠰ ᠤᠨ ᠨᠢᠶᠤ-ᠶᠣᠷᠺ ᠬᠣᠲᠠᠨ᠎ᠠ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠲᠥᠪ ᠪᠠᠢᠢᠷᠢ᠂ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠫᠠᠷᠢᠰ ᠬᠣᠲᠠᠨ᠎ᠠ United Nations Educational Scientific and Cultural Organization ᠍ ᠤᠨ ᠲᠥᠪ ᠪᠠᠢᠢᠷᠢ᠂ ᠣᠷᠣᠰ ᠤᠨ ᠬᠣᠯᠪᠣᠭᠠᠨ ᠤ ᠤᠯᠤᠰ ᠤᠨ ᠪᠤᠯᠱᠣᠢ ᠲᠢᠶᠠᠲ᠋ᠷ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠦᠨᠳᠦᠰᠦᠨ ᠦ ᠶᠡᠬᠡ ᠲᠢᠶᠠᠲ᠋ᠷ (ᠰᠤᠪᠳᠠᠨ ᠲᠢᠶᠠᠲ᠋ᠷ)᠂ ᠶᠠᠫᠣᠨ ᠤᠯᠤᠰ ᠤᠨ NHK ᠲᠧᠯᠧᠸᠢᠽ ᠦᠨ ᠺᠣᠨᠼᠧᠷᠲ ᠤᠨ ᠶᠡᠬᠡ ᠲᠠᠩᠬᠢᠮ ᠪᠣᠯᠤᠨ ᠰᠢᠳ᠋ᠨᠧᠢ ᠢᠢᠨ ᠳᠠᠭᠤᠷᠢ ᠢᠢᠨ ᠲᠢᠶᠠᠲ᠋ᠷ ᠲᠤ ᠠᠮᠵᠢᠯᠲᠠ ᠲᠠᠢ ᠲᠣᠭᠯᠠᠵᠠᠢ᠃
ᠮᠣᠷᠢᠨ ᠬᠤᠭᠤᠷ ᠤᠨ ᠴᠢᠭᠤᠯᠭ᠎ᠠ ᠨᠢ 2023 ᠣᠨ ᠤ 10 ᠳ᠋ᠤᠭᠠᠷ ᠰᠠᠷ᠎ᠠ ᠢᠢᠨ 14 ᠍ ᠦ ᠡᠳᠦᠷ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠨᠠᠨ᠋ᠲ ᠬᠣᠲᠠ ᠢᠢᠨ ᠺᠣᠨ᠋ᠰᠧᠷᠸᠠᠲ᠋ᠣᠷ ᠤᠨ ᠲᠠᠢᠢᠵᠠᠨᠠ ᠮᠥᠨ ᠲᠣᠭᠯᠠᠬᠤ ᠶᠤᠮ᠃