Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠹᠷᠠᠨᠼ ᠤᠯᠤᠰ ᠤᠨ ᠶᠡᠷᠦᠩᠬᠡᠢᠢᠯᠡᠭᠴᠢ ᠡᠮᠮᠠᠨᠤᠢᠡᠯ ᠮᠠᠺᠷᠣᠨ ᠨᠠᠷ ᠬᠡᠯᠡᠯᠴᠡᠭᠡ ᠬᠢᠯ᠎ᠡ

ᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠶᠡᠷᠦᠩᠬᠡᠢᠢᠯᠡᠭᠴᠢ ᠡᠮᠮᠠᠨᠤᠢᠡᠯ ᠮᠠᠺᠷᠣᠨ ᠤ ᠤᠷᠢᠯᠭ᠎ᠠ ᠪᠠᠷ 2023 ᠣᠨ ᠤ 10 ᠳ᠋ᠤᠭᠠᠷ ᠰᠠᠷ᠎ᠠ ᠢᠢᠨ 10-14 ᠍ ᠦ ᠡᠳᠦᠷ ᠦᠳ ᠲᠥ ᠹᠷᠠᠨ᠋ᠼ ᠤᠯᠤᠰ ᠲᠤ ᠲᠥᠷᠥ ᠢᠢᠨ ᠠᠢᠢᠯᠴᠢᠯᠠᠯ ᠬᠢᠵᠦ ᠪᠠᠢᠢᠨ᠎ᠠ᠃

ᠲᠥᠷᠥ ᠢᠢᠨ ᠠᠢᠢᠯᠴᠢᠯᠠᠯ ᠤᠨ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠶᠡᠷᠦᠩᠬᠡᠢᠢᠯᠡᠭᠴᠢ ᠡᠮᠮᠠᠨᠤᠢᠡᠯ ᠮᠠᠺᠷᠣᠨ ᠨᠠᠷ ᠡᠯᠢᠽᠧᠢ ᠢᠢᠨ ᠣᠷᠳᠣᠨ ᠳᠤ ᠬᠡᠯᠡᠯᠴᠡᠭᠡ ᠬᠢᠪᠡ᠃

ᠬᠡᠯᠡᠯᠴᠡᠭᠡᠨ ᠦ ᠦᠶ᠎ᠡ ᠪᠡᠷ ᠮᠣᠩ᠋ᠭᠣᠯ᠂ ᠹᠷᠠᠨ᠋ᠼ ᠤᠨ ᠬᠣᠭᠣᠷᠣᠨᠳᠣ ᠡᠨᠡ ᠣᠨ ᠳᠤ ᠲᠥᠷᠥ ᠢᠢᠨ ᠲᠡᠷᠢᠭᠦᠨ ᠦ ᠲᠦᠪᠰᠢᠨ ᠦ ᠠᠩᠬᠠᠨ ᠤ ᠠᠢᠢᠯᠴᠢᠯᠠᠯ ᠢ ᠬᠠᠷᠢᠯᠴᠠᠨ ᠬᠢᠵᠦ ᠪᠠᠢᠢᠭ᠎ᠠ ᠨᠢ ᠬᠣᠶᠠᠷ ᠤᠯᠤᠰ ᠤᠨ ᠣᠨᠴᠤᠭᠤᠢ ᠡᠷᠬᠡᠲᠦ ᠲᠦᠩᠰᠢᠯᠡᠯ ᠢ ᠪᠠᠲᠤᠳᠬᠠᠬᠤ᠂ ᠬᠠᠮᠲᠤ ᠢᠢᠨ ᠠᠵᠢᠯᠯᠠᠭ᠎ᠠ ᠢᠢ ᠪᠦᠬᠦᠢ ᠰᠠᠯᠪᠤᠷᠢ ᠲᠤ ᠥᠷᠭᠡᠵᠢᠭᠦᠯᠵᠦ᠂ ᠰᠲ᠋ᠷᠠᠲ᠋ᠧᠭᠢ ᠢᠢᠨ ᠲᠦᠪᠰᠢᠨ ᠳᠥ ᠬᠦᠷᠭᠡᠬᠦ ᠨᠡᠢᠢᠲᠡᠯᠢᠭ ᠵᠣᠷᠢᠯᠲᠠ ᠪᠠᠨ ᠬᠡᠷᠡᠭᠵᠢᠭᠦᠯᠬᠦ ᠢᠢᠨ ᠲᠥᠯᠥᠭᠡ ᠪᠠᠢᠢᠭ᠎ᠠ ᠢᠢ ᠲᠠᠯ᠎ᠠ ᠨᠤᠭᠤᠳ ᠣᠨᠴᠠᠯᠠᠪᠠ᠃

ᠮᠥᠨ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠶᠡᠷᠦᠩᠬᠡᠢᠢᠯᠡᠭᠴᠢ ᠡᠮᠮᠠᠨᠤᠢᠡᠯ ᠮᠠᠺᠷᠣᠨ ᠤ ᠡᠨᠡ ᠣᠨ ᠤ 5 ᠳ᠋ᠤᠭᠠᠷ ᠰᠠᠷ᠎ᠠ ᠳᠤ ᠮᠣᠩ᠋ᠭᠣᠯ ᠤᠯᠤᠰ ᠲᠤ ᠬᠢᠭ᠍ᠰᠡᠨ ᠲᠥᠷᠥ ᠢᠢᠨ ᠠᠢᠢᠯᠴᠢᠯᠠᠯ ᠤᠨ ᠦᠶ᠎ᠡ ᠪᠡᠷ ᠭᠠᠷᠭᠠᠭᠰᠠᠨ ᠮᠣᠩ᠋ᠭᠣᠯ᠂ ᠹᠷᠠᠨ᠋ᠼ ᠤᠨ ᠬᠠᠮᠲᠤᠷᠠᠭᠰᠠᠨ ᠲᠤᠩᠬᠠᠭᠯᠠᠯ ᠳᠤ ᠲᠤᠰᠬᠠᠭᠳᠠᠭᠰᠠᠨ ᠵᠣᠷᠢᠯᠲᠠ ᠨᠤᠭᠤᠳ᠂ ᠢᠯᠠᠩ᠋ᠭᠤᠶ᠎ᠠ ᠬᠣᠶᠠᠷ ᠣᠷᠣᠨ ᠤ ᠬᠠᠷᠢᠯᠴᠠᠭᠠᠨ ᠤ ᠪᠡᠯᠭᠡ ᠲᠡᠮᠳᠡᠭ ᠪᠣᠯᠤᠭᠰᠠᠨ ᠰᠲ᠋ᠷᠠᠲ᠋ᠧᠭᠢ ᠢᠢᠨ ᠲᠣᠮᠣᠬᠠᠨ ᠲᠥᠰᠥᠯ᠂ ᠬᠥᠲᠥᠯᠪᠦᠷᠢ ᠨᠦᠭᠦᠳ ᠢ ᠬᠡᠷᠡᠭᠵᠢᠭᠦᠯᠬᠦ᠂ ᠡᠳ᠋ ᠍ ᠦᠨ ᠵᠠᠰᠠᠭ᠂ ᠬᠥᠷᠥᠩ᠋ᠭᠡ ᠣᠷᠣᠭᠤᠯᠤᠯᠲᠠ ᠢᠢ ᠨᠡᠮᠡᠭᠳᠡᠭᠦᠯᠬᠦ᠂ ᠡᠷᠴᠢᠮ ᠬᠦᠴᠦ᠂ ᠬᠠᠷᠢᠯᠴᠠᠭ᠎ᠠ ᠬᠣᠯᠪᠣᠭ᠎ᠠ᠂ ᠭᠠᠮᠰᠢᠭ ᠤᠨ ᠮᠧᠨᠧᠵᠮᠧᠨᠲ᠂ ᠬᠥᠳᠡᠭᠡ ᠠᠵᠤ ᠠᠬᠤᠢ᠂ ᠰᠤᠶᠤᠯ᠂ ᠪᠣᠯᠪᠠᠰᠤᠷᠠᠯ ᠤᠨ ᠰᠠᠯᠪᠤᠷᠢ ᠳ᠋ᠠᠬᠢ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠦᠨ ᠠᠵᠢᠯᠯᠠᠬᠤ ᠪᠠᠨ ᠲᠥᠷᠥ ᠢᠢᠨ ᠲᠡᠷᠢᠭᠦᠨ ᠨᠠᠷ ᠨᠣᠲᠠᠯᠠᠯ᠎ᠠ᠃

ᠲᠥᠷᠥ ᠢᠢᠨ ᠲᠡᠷᠢᠭᠦᠨ ᠨᠠᠷ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠬᠦᠨᠡᠰᠦᠨ ᠦ ᠬᠣᠮᠰᠠᠳᠠᠯ ᠵᠡᠷᠭᠡ ᠳᠡᠯᠡᠬᠡᠢ ᠳᠠᠬᠢᠨ ᠳᠤ ᠲᠤᠯᠭᠠᠷᠴᠤ ᠪᠤᠢ ᠰᠣᠷᠢᠯᠲᠠ ᠢᠢ ᠳᠠᠪᠠᠨ ᠲᠤᠭᠤᠯᠬᠤ ᠳᠤ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌ ᠲᠡᠳᠦᠢ ᠦᠭᠡᠢ ᠤᠯᠤᠰ ᠪᠦᠷᠢ ᠬᠤᠪᠢ ᠨᠡᠮᠡᠷᠢ ᠪᠡᠨ ᠣᠷᠣᠭᠤᠯᠬᠤ ᠢᠢᠨ ᠴᠢᠬᠤᠯᠠ ᠢᠢ ᠣᠨᠴᠠᠯᠠᠵᠤ᠂ ᠡᠳᠡᠭᠡᠷ ᠴᠢᠭᠯ ᠢᠢᠠᠷ ᠬᠢ ᠬᠣᠶᠠᠷ ᠤᠯᠤᠰ ᠤᠨ ᠰᠠᠨᠠᠭᠠᠴᠢᠯᠠᠭ᠎ᠠ᠂ ᠵᠣᠷᠢᠯᠲᠠ ᠨᠤᠭᠤᠳ ᠢ ᠤᠶᠠᠯᠳᠤᠭᠤᠯᠤᠨ ᠦᠷ᠎ᠡ ᠳ᠋ᠦᠩ ᠭᠠᠷᠭᠠᠬᠤ ᠳᠤ ᠬᠠᠮᠲᠤᠷᠠᠨ ᠠᠵᠢᠯᠯᠠᠬᠤ ᠪᠠᠨ ᠳᠠᠬᠢᠨ ᠨᠣᠲᠠᠯᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠡᠷᠦᠩᠬᠡᠢᠢᠯᠡᠭᠴᠢ ᠡᠮᠮᠠᠨᠤᠢᠡᠯ ᠮᠠᠺᠷᠣᠨ ᠪᠣᠯᠤᠨ ᠹᠷᠠᠨ᠋ᠼ ᠤᠨ ᠠᠷᠠᠳ ᠲᠦᠮᠡᠨ ᠳᠥ 《ᠫᠠᠷᠢᠰ – 2024》 ᠵᠤᠨ ᠤ ᠣᠯᠢᠮᠫ ᠤᠨ 33 ᠳ᠋ᠤᠭᠠᠷ ᠨᠠᠭᠠᠳᠤᠮ ᠢ ᠵᠣᠬᠢᠶᠠᠨ ᠪᠠᠢᠢᠭᠤᠯᠬᠤ ᠳᠤ ᠨᠢ ᠠᠮᠵᠢᠯᠲᠠ ᠬᠦᠰᠡᠪᠡ᠃