Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ 《ᠴᠢᠩ᠋ᠭᠢᠰ ᠬᠠᠭᠠᠨ-ᠮᠣᠩ᠋ᠭᠣᠯᠴᠤᠳ ᠳᠡᠯᠡᠬᠡᠢ ᠢᠢ ᠥᠭᠡᠷᠡᠴᠢᠯᠡᠭᠰᠡᠨ ᠨᠢ》 ᠦᠵᠡᠰᠬᠦᠯᠡᠩ ᠦᠨ ᠨᠡᠭᠡᠭᠡᠯᠲᠡ ᠳᠥ ᠣᠷᠣᠯᠴᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠫᠷᠠᠨ᠋ᠼ ᠤᠯᠤᠰ ᠤᠨ ᠶᠡᠷᠦᠩᠬᠡᠢᠢᠯᠡᠭᠴᠢ ᠡᠮᠮᠠᠨᠤᠢᠡᠯ ᠮᠠᠺᠷᠣᠨ ᠤ ᠢᠪᠡᠭᠡᠯ ᠳᠣᠣᠷ᠎ᠠ ᠵᠣᠬᠢᠶᠠᠨ ᠪᠠᠢᠢᠭᠤᠯᠵᠤ ᠪᠤᠢ 《ᠴᠢᠩ᠋ᠭᠢᠰ ᠬᠠᠭᠠᠨ – ᠮᠣᠩ᠋ᠭᠣᠯᠴᠤᠳ ᠳᠡᠯᠡᠬᠡᠢ ᠢᠢ ᠥᠭᠡᠷᠡᠴᠢᠯᠡᠭᠰᠡᠨ ᠨᠢ》 ᠦᠵᠡᠰᠬᠦᠯᠡᠩ ᠦᠨ ᠨᠡᠭᠡᠭᠡᠯᠲᠡ ᠢᠢᠨ ᠶᠣᠰᠣᠯᠠᠯ 2023 ᠣᠨ ᠤ 10 ᠳ᠋ᠤᠭᠠᠷ ᠰᠠᠷ᠎ᠠ ᠢᠢᠨ 13 ᠍ ᠤ ᠡᠳᠦᠷ ᠨᠠᠨ᠋ᠲ ᠬᠣᠲᠠ ᠢᠢᠨ ᠲᠡᠦᠬᠡ ᠢᠢᠨ ᠮᠦᠽᠧᠢ ᠳᠥ ᠪᠣᠯᠤᠯ᠎ᠠ᠃

ᠠᠷᠭ᠎ᠠ ᠬᠡᠮᠵᠢᠶ᠎ᠡ ᠢᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠭᠡ ᠬᠡᠯᠡᠯ᠎ᠡ᠃
ᠲᠡᠷᠡ ᠪᠡᠷ ᠮᠣᠩ᠋ᠭᠣᠯᠴᠤᠳ ᠤᠨ ᠪᠠᠬᠠᠷᠬᠠᠯ ᠪᠣᠯᠤᠭᠰᠠᠨ ᠪᠠᠭᠠᠲᠤᠷᠯᠢᠭ ᠡᠪᠦᠭᠡ ᠳᠡᠭᠡᠳᠦᠰ ᠦᠨ ᠲᠡᠦᠬᠡ᠂ ᠬᠦᠮᠦᠨ ᠲᠥᠷᠥᠯᠬᠢᠲᠡᠨ ᠳᠥ ᠦᠯᠡᠳᠡᠭᠡᠭ᠍ᠰᠡᠨ ᠠᠭᠤᠤ ᠶᠡᠬᠡ ᠥᠪ ᠰᠤᠶᠤᠯ ᠢ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠨᠠᠨ᠋ᠲ ᠬᠣᠲᠠ ᠢᠢᠨ ᠪᠷᠧᠲ᠋ᠠᠨᠢ ᠤᠨ ᠭᠦᠩ ᠦᠨ ᠰᠢᠯᠲᠦᠭᠡᠨ – ᠨᠠᠨ᠋ᠲ ᠤᠨ ᠲᠡᠦᠬᠡ ᠢᠢᠨ ᠮᠦᠽᠧᠢ ᠳᠥ ᠳᠡᠯᠭᠡᠨ ᠲᠣᠯᠢᠯᠠᠭᠤᠯᠵᠤ᠂ ᠳᠡᠯᠡᠬᠡᠢ ᠨᠡᠢᠢᠲᠡ ᠢᠢᠨ ᠬᠦᠷᠲᠡᠭᠡᠯ ᠪᠣᠯᠭᠠᠵᠤ ᠪᠠᠢᠢᠭ᠎ᠠ ᠳᠤ ᠪᠠᠶᠠᠷᠲᠠᠢ ᠪᠠᠢᠢᠭ᠎ᠠ ᠪᠠᠨ ᠢᠯᠡᠷᠬᠡᠢᠢᠯᠡᠪᠡ᠃

ᠡᠨᠡ ᠬᠦ ᠦᠵᠡᠰᠬᠦᠯᠡᠩ ᠨᠢ ᠮᠣᠩ᠋ᠭᠣᠯ ᠬᠠᠭᠠᠳ ᠤᠨ ᠠᠯᠪᠠᠨ ᠪᠢᠴᠢᠭ᠌᠂ ᠵᠠᠬᠢᠳᠠᠯ ᠢ ᠳᠡᠯᠭᠡᠨ ᠦᠵᠡᠭᠦᠯᠵᠦ᠂ ᠮᠣᠩ᠋ᠭᠣᠯ ᠤᠨ ᠲᠡᠦᠬᠡ᠂ ᠰᠣᠶᠣᠯ ᠤᠨ ᠰᠣᠷ ᠪᠣᠯᠤᠭᠰᠠᠨ ᠦᠵᠡᠮᠦᠷᠢ ᠢᠢ ᠣᠯᠠᠨ ᠲᠦᠮᠡᠨ ᠦ ᠬᠦᠷᠲᠡᠭᠡᠯ ᠪᠣᠯᠭᠠᠵᠤ᠂ ᠮᠣᠩ᠋ᠭᠣᠯᠴᠤᠳ ᠤᠨ ᠨᠡᠭᠦᠳᠡᠯ ᠦᠨ ᠰᠣᠶᠣᠯ ᠢᠷᠭᠡᠨᠰᠢᠯ ᠦᠨ ᠥᠪ ᠰᠣᠶᠣᠯ ᠢ ᠣᠯᠠᠨ ᠤᠯᠤᠰ ᠲᠤ ᠲᠠᠨᠢᠭᠤᠯᠬᠤ ᠲᠠᠭᠠᠲᠠᠢ ᠪᠣᠯᠤᠮᠵᠢ ᠢᠢ ᠣᠯᠭᠤᠵᠤ ᠪᠠᠢᠢᠭ᠎ᠠ ᠢᠢ ᠣᠨᠴᠠᠯᠠᠪᠠ᠃
ᠨᠡᠭᠡᠭᠡᠯᠲᠡ ᠢᠢᠨ ᠠᠷᠭ᠎ᠠ ᠬᠡᠮᠵᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ᠂ ᠪᠦᠭᠦᠳᠡ ᠨᠠᠢᠢᠷᠠᠮᠳᠠᠬᠤ ᠹᠷᠠᠨ᠋ᠼ ᠤᠯᠤᠰ ᠤᠨ ᠬᠥᠳᠡᠭᠡ ᠠᠵᠤ ᠠᠬᠤᠢ᠂ ᠬᠦᠨᠡᠰᠦᠨ ᠦ ᠪᠦᠷᠢᠨ ᠡᠷᠬᠡᠲᠦ ᠪᠠᠢᠢᠳᠠᠯ ᠤᠨ ᠰᠠᠢᠢᠳ ᠮᠠᠷᠺ ᠹᠧᠨᠤ᠂ ᠯᠤᠢᠠᠷ ᠮᠤᠵᠢ ᠢᠢᠨ ᠵᠠᠬᠢᠷᠤᠭᠴᠢ ᠹᠪᠷᠢᠰ ᠷᠢᠭᠤᠯᠧ-ᠷᠣᠽ᠂ ᠨᠠᠨ᠋ᠲ ᠮᠧᠲ᠋ᠷᠣᠫᠣᠯ ᠤᠨ ᠶᠡᠷᠦᠩᠬᠡᠢᠢᠯᠡᠭᠴᠢ᠂ ᠨᠠᠨ᠋ᠲ ᠬᠣᠲᠠ ᠢᠢᠨ ᠵᠠᠰᠠᠭ ᠳᠠᠷᠤᠭ᠎ᠠ ᠵᠤᠨᠨᠠ ᠷᠣᠯᠯᠠᠨ᠋ᠳ᠋᠂ ᠨᠠᠨ᠋ᠲ ᠬᠣᠲᠠ ᠢᠢᠨ ᠲᠡᠦᠬᠡ ᠢᠢᠨ ᠮᠦᠽᠧᠢ ᠢᠢᠨ ᠵᠠᠬᠢᠷᠤᠯ ᠪᠧᠷᠲ᠋ᠷᠠᠨ ᠭᠢᠶᠡ ᠨᠠᠷ ᠪᠣᠯᠤᠨ ᠪᠤᠰᠤᠳ ᠠᠯᠪᠠᠨ ᠤ ᠬᠦᠮᠦᠰ ᠤᠷᠤᠯᠴᠠᠪᠠ᠃

《ᠴᠢᠩ᠋ᠭᠢᠰ ᠬᠠᠭᠠᠨ – ᠮᠣᠩ᠋ᠭᠣᠯᠴᠤᠳ ᠳᠡᠯᠡᠬᠡᠢ ᠢᠢ ᠥᠭᠡᠷᠡᠴᠢᠯᠡᠭᠰᠡᠨ ᠨᠢ》 ᠦᠵᠡᠰᠬᠦᠯᠡᠩ ᠨᠢ 555 ᠦᠵᠡᠮᠦᠷᠢ ᠡᠴᠡ ᠪᠦᠷᠢᠳᠦᠭᠰᠡᠨ ᠪᠥᠭᠡᠳ ᠦᠵᠡᠮᠦᠷᠢ ᠨᠦᠭᠦᠳ ᠢ 《ᠴᠢᠩ᠋ᠭᠢᠰ ᠬᠠᠭᠠᠨ》 ᠦᠨᠳᠦᠰᠦᠨ ᠦ ᠮᠦᠽᠧᠢ᠂ ᠮᠣᠩ᠋ᠭᠣᠯ ᠤᠨ ᠦᠨᠳᠦᠰᠦᠨ ᠦ ᠮᠦᠽᠧᠢ᠂ ᠬᠠᠷᠠᠬᠣᠷᠣᠮ ᠮᠦᠽᠧᠢ᠂ ᠰᠢᠨᠵᠢᠯᠡᠬᠥ ᠤᠬᠠᠭᠠᠨ ᠤ ᠠᠺᠠᠳᠧᠮᠢ ᠍ ᠦᠨ ᠠᠷᠬᠧᠣᠯᠣᠭᠢ ᠢᠢᠨ ᠬᠦᠷᠢᠶᠡᠯᠡᠩ᠂ ᠬᠤᠪᠢ ᠴᠤᠭᠯᠠᠭᠤᠯᠤᠭᠴᠢ ᠠᠴᠠ᠂ ᠮᠥᠨ ᠹᠷᠠᠨ᠋ᠼ ᠤᠨ ᠯᠤᠢᠸᠠᠷ (Louvre)᠂ ᠰᠡᠸᠷ (Sevres)᠂ ᠠᠽᠢ ᠢᠢᠨ ᠤᠷᠠᠯᠢᠭ ᠤᠨ ᠭᠢᠮᠡᠢᠢ (Guimet)᠂ ᠹᠷᠠᠨ᠋ᠼ ᠤᠯᠤᠰ ᠤᠨ ᠶᠡᠷᠦᠩᠬᠡᠢᠢᠯᠡᠭᠴᠢ ᠠᠰᠠᠨ ᠵᠠᠺ ᠱᠢᠷᠠᠺ ᠤᠨ ᠨᠡᠷᠡᠮᠵᠢᠲᠦ ᠪᠷᠡᠨᠯᠢ (Quai Branly) ᠮᠦᠽᠧᠢ ᠪᠣᠯᠤᠨ ᠧᠦ᠋ᠷᠣᠫᠠ ᠢᠢᠨ ᠪᠧᠷᠯᠢᠨ᠂ ᠴᠢᠶᠷᠢᠾ᠂ ᠪᠷᠢᠶᠰᠧᠯ ᠦᠨ ᠮᠦᠽᠧᠢ ᠵᠡᠷᠭᠡ ᠳᠡᠯᠡᠬᠡᠢ ᠢᠢᠨ ᠠᠯᠳᠠᠷᠲᠠᠢ 20 ᠭᠠᠷᠤᠢ ᠮᠦᠽᠧᠢ ᠡᠴᠡ ᠲᠠᠲᠠᠨ ᠳᠡᠯᠭᠡᠨ ᠦᠵᠡᠭᠦᠯᠦᠭᠰᠡᠨ ᠪᠠᠢᠢᠨ᠎ᠠ᠃