ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠲᠣᠬᠢᠶᠠᠯᠳᠤᠭᠤᠯᠤᠨ ᠥᠨᠥᠳᠥᠷ ᠥᠰᠪᠦᠷᠢ ᠢᠢᠨ ᠰᠢᠲᠠᠷᠠᠴᠢᠳ ᠤᠨ ᠲᠥᠯᠥᠭᠡᠯᠡᠯ ᠪᠣᠯᠤᠭᠰᠠᠨ ᠬᠡᠦᠬᠡᠳ ᠦᠳ ᠢ ᠲᠥᠷᠥ ᠢᠢᠨ ᠣᠷᠳᠣᠨ ᠤ ᠢᠢᠰᠦᠨ ᠬᠥᠯᠲᠦ᠂ ᠴᠠᠭᠠᠨ ᠲᠤᠭ ᠲᠤ ᠲᠠᠩᠬᠢᠮ ᠳᠤ ᠬᠦᠯᠢᠶᠡᠨ ᠠᠪᠴᠤ ᠠᠭᠤᠯᠵᠠᠭᠠᠳ ᠠᠮᠵᠢᠯᠲᠠ ᠭᠠᠷᠭᠠᠭᠰᠠᠨ ᠳᠤ ᠨᠢ ᠪᠠᠶᠠᠷ ᠬᠦᠷᠭᠡᠯ᠎ᠠ᠃
2018 ᠣᠨ ᠤ ᠳᠥᠷᠪᠡᠳᠦᠭᠡᠷ ᠰᠠᠷ᠎ᠠ ᠢᠢᠨ 20-29 ᠍ ᠳᠤ ᠠᠯᠪᠠᠨᠢ ᠤᠯᠤᠰ ᠤᠨ ᠳᠤᠢᠷᠠᠷᠢᠰ ᠬᠣᠲᠠᠨ᠎ᠠ ᠪᠣᠯᠤᠭᠰᠠᠨ 《ᠰᠤᠷᠤᠭᠴᠢᠳ ᠤᠨ ᠰᠢᠲᠠᠷ᠎ᠠ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ》 ᠳᠥ 40 ᠣᠷᠣᠨ ᠤ 387 ᠰᠢᠲᠠᠷᠠᠴᠢᠨ ᠬᠡᠦᠬᠡᠳ ᠣᠶᠤᠨ ᠤᠬᠠᠭᠠᠨ ᠢᠶᠠᠨ ᠰᠣᠷᠢᠭᠰᠠᠨ ᠠᠴᠠ ᠮᠣᠩᠭ᠋ᠣᠯ ᠤᠯᠤᠰ ᠠᠴᠠ 29 ᠰᠢᠲᠠᠷᠠᠴᠢᠨ ᠣᠷᠣᠯᠴᠠᠵᠤ᠂ ᠬᠣᠣᠰ ᠠᠯᠲᠠ᠂ ᠬᠣᠣᠰ ᠮᠥᠩᠭᠥ᠂ ᠬᠣᠣᠰ ᠬᠦᠷᠡᠯ ᠮᠧᠳᠠᠯ ᠬᠦᠷᠲᠡᠭᠰᠡᠨ ᠪᠠᠢᠢᠨ᠎ᠠ᠃
《ᠰᠤᠷᠤᠭᠴᠢᠳ ᠤᠨ ᠰᠢᠲᠠᠷ᠎ᠠ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ》 ᠍ ᠦ 《ᠰᠲ᠋ᠠᠨ᠋ᠳᠠᠷᠲ》 ᠲᠥᠷᠦᠯ ᠳᠥ ᠮᠧᠳᠠᠯ ᠬᠦᠷᠢᠲᠦᠭᠰᠡᠨ ᠲᠠᠮᠢᠷᠴᠢᠳ᠄
- 13 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠲᠥᠪ》 ᠺᠯᠤᠢᠪ ᠤᠨ ᠲᠠᠮᠢᠷᠴᠢᠨ᠂ ᠲᠤᠰ ᠲᠡᠮᠡᠴᠡᠭᠡᠨ ᠦ ᠬᠣᠱᠣᠢ ᠠᠪᠤᠷᠭᠤ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠳᠠᠸᠠᠬᠦᠦ ᠢᠢᠨ ᠮᠥᠩᠬᠡᠵᠤᠯ ᠲᠦᠷᠦᠭᠦᠯᠡᠵᠦ᠂ ᠠᠯᠲᠠᠨ ᠮᠧᠳᠠᠯ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠡᠮᠡᠭᠲᠡᠢ ᠮᠠᠰᠲ᠋ᠸᠷ ᠴᠣᠯᠠᠨ ᠤ ᠪᠣᠯᠵᠣᠯ ᠬᠠᠩᠭᠠᠭᠰᠠᠨ ᠪᠠᠢᠢᠨ᠎ᠠ᠃
- 11 ᠬᠦᠷᠲᠡᠯᠡᠬᠢ ᠨᠠᠰᠤᠨ ᠤ ᠬᠥᠪᠡᠭᠦᠳ ᠦᠨ ᠠᠩᠭᠢᠯᠠᠯ ᠳᠤ 《ᠰᠡᠴᠡᠨ ᠨᠡᠭᠦᠳᠡᠯ》 ᠺᠯᠤᠢᠪ ᠤᠨ ᠲᠠᠮᠢᠷᠴᠢᠨ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᡀᠠᠪᠠᠵᠠᠮᠰᠤ ᠢᠢᠨ ᠸᠴᠢᠷᠪᠠᠲᠤ ᠲᠦᠷᠦᠭᠦᠯᠡᠵᠦ ᠠᠯᠲᠠᠨ ᠮᠧᠳᠠᠯ ᠂
- 9 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠲᠡᠭᠦᠰ ᠨᠡᠭᠦᠳᠡᠯ》 ᠺᠯᠤᠢᠪ ᠤᠨ ᠲᠠᠮᠢᠷᠴᠢᠨ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠬᠦᠴᠦᠪᠠᠶᠠᠷ ᠤᠨ ᠶᠢᠰᠦᠭᠡᠨ ᠬᠣᠶᠠᠳᠤᠭᠠᠷ ᠪᠠᠢᠢᠷᠢ ᠳᠤ ᠰᠢᠯᠭᠠᠷᠴᠠᠵᠤ᠂ ᠮᠥᠩᠭᠥᠨ ᠮᠧᠳᠠᠯ ᠂
- 9 ᠬᠦᠷᠲᠡᠯᠡᠬᠢ ᠨᠠᠰᠤᠨ ᠤ ᠬᠥᠪᠡᠭᠦᠳ ᠦᠨ ᠠᠩᠭᠢᠯᠠᠯ ᠳᠤ 《ᠭᠣᠪᠢ ᠴᠧᠰᠰ》 ᠺᠯᠤᠢᠪ ᠤᠨ ᠲᠠᠮᠢᠷᠴᠢᠨ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠪᠠᠲᠤᠲᠤᠯᠭ᠎ᠠ ᠢᠢᠨ ᠲᠡᠨᠦᠭᠦᠩᠪᠣᠯᠣᠳ ᠬᠣᠶᠠᠳᠤᠭᠠᠷ ᠪᠠᠢᠢᠷᠢ ᠳᠤ ᠰᠢᠯᠭᠠᠷᠠᠵᠤ᠂ ᠮᠥᠩᠭᠥᠨ ᠮᠧᠳᠠᠯ ᠂
- 7 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠽᠠᠨᠳᠠᠨᠰᠢᠲᠠᠷ᠎ᠠ》 ᠺᠯᠤᠢᠪ ᠤᠨ ᠲᠠᠮᠢᠷᠴᠢᠨ᠂ ᠨᠠᠷᠠᠨᠪᠣᠯᠣᠳ ᠤᠨ ᠰᠣᠳᠣᠭᠡᠷᠡᠯᠲᠦ ᠭᠤᠷᠪᠠᠳᠤᠭᠠᠷ ᠪᠠᠢᠢᠷᠢ ᠳᠤ ᠰᠢᠯᠭᠠᠷᠠᠵᠤ᠂ ᠬᠦᠷᠡᠯ ᠮᠧᠳᠠᠯ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠴᠣᠯᠠᠨ ᠤ ᠪᠣᠯᠵᠣᠯ᠂
- 9 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠭᠣᠪᠢ ᠴᠧᠰᠰ》 ᠺᠯᠤᠢᠪ ᠤᠨ ᠲᠠᠮᠢᠷᠴᠢᠨ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠭᠠᠩᠲᠤᠯᠭ᠎ᠠ ᠢᠢᠨ ᡀᠠᠪᠠᠵᠡᠳ ᠭᠤᠷᠪᠠᠳᠤᠭᠠᠷ ᠪᠠᠢᠢᠷᠢ ᠳᠤ ᠰᠢᠯᠭᠠᠷᠠᠵᠤ᠂ ᠬᠦᠷᠡᠯ ᠮᠧᠳᠠᠯ ᠲᠤᠰ᠂ ᠲᠤᠰ ᠬᠦᠷᠲᠡᠭᠰᠡᠨ ᠪᠠᠢᠢᠨ᠎ᠠ᠃