ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠨᠢᠩᠱᠢᠶᠠ ᠬᠣᠲᠣᠩ ᠦᠨᠳᠦᠰᠦᠲᠡᠨ ᠦ ᠥᠪᠡᠷ ᠲᠥ ᠪᠡᠨ ᠵᠠᠰᠠᠬᠤ ᠣᠷᠣᠨ ᠤ 《ᠺᠠᠢᠢᠢᠰᠡᠨ》 ᠬᠥᠳᠡᠭᠡ ᠠᠵᠤ ᠠᠬᠤᠢ ᠢᠢᠨ ᠠᠵᠤ ᠦᠢᠯᠡᠳᠪᠦᠷᠢ ᠢᠢᠨ ᠫᠠᠷᠺ ᠤᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃
155 ᠰᠠᠶ᠎ᠠ ᠣᠷᠴᠢᠮ ᠶᠤᠸᠠᠨ ᠤ ᠬᠥᠷᠦᠩ᠋ᠭᠡ ᠣᠷᠣᠭᠤᠯᠤᠯᠲᠠ ᠪᠦᠬᠦᠢ ᠡᠨᠡ ᠫᠠᠷᠺ ᠤᠨ 5᠂000 ᠮᠧᠲᠷ ᠺᠸᠠᠳ᠋ᠷᠠᠲ ᠲᠠᠯᠠᠪᠠᠢ ᠲᠠᠢ ᠤᠬᠠᠭᠠᠯᠢᠭ ᠬᠦᠯᠡᠮᠵᠢ ᠳᠥ 《ᠮᠠᠣ ᠲᠠᠢ ᠯᠠᠨ》 ᠵᠢᠮᠢᠰᠦᠨ ᠦ ᠤᠯᠠᠭᠠᠨ ᠯᠣᠣᠯᠢ ᠤᠨ ᠰᠣᠷᠲ ᠢ ᠭᠣᠣᠯᠯᠠᠨ ᠲᠠᠷᠢᠶᠠᠯᠠᠳᠠᠭ᠃ ᠵᠢᠯ ᠳᠥ 4᠂000 ᠲᠣᠨᠨ᠋᠋ ᠢ ᠦᠢᠯᠡᠳᠪᠦᠷᠢᠯᠡᠨ 100 ᠭᠠᠷᠤᠢ ᠰᠠᠶ᠎ᠠ ᠶᠤᠸᠠᠨ ᠤ ᠣᠷᠣᠯᠭ᠎ᠠ ᠣᠯᠳᠠᠭ ᠶᠤᠮ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠥᠨ ᠡᠳᠦᠷ ᠵᠦᠨ᠋ᠸᠡᠢ ᠬᠣᠲᠠ ᠢᠢᠨ 《ᠱᠠᠫᠠᠲ᠋ᠣᠦ》 ᠪᠠᠢᠢᠭᠠᠯᠢ ᠤᠨ ᠬᠠᠮᠠᠭᠠᠯᠠᠯᠲᠠ ᠢᠢᠨ ᠪᠦᠰᠡ ᠳᠥ ᠵᠣᠴᠢᠯᠠᠨ᠂ ᠴᠥᠯᠵᠢᠯᠲᠡ ᠡᠴᠡ ᠰᠡᠷᠭᠡᠢᠢᠯᠡᠬᠦ᠂ ᠠᠶᠠᠯᠠᠯ ᠵᠢᠭᠤᠯᠴᠢᠯᠠᠯ ᠢ ᠬᠡᠷᠬᠢᠨ ᠬᠥᠭ᠍ᠵᠢᠭᠦᠯᠵᠦ ᠪᠠᠢᠢᠭ᠎ᠠ ᠲᠠᠢ ᠲᠠᠨᠢᠯᠴᠠᠯ᠎ᠠ᠃
ᠲᠤᠰ ᠬᠣᠲᠠ 60 ᠭᠠᠷᠤᠢ ᠵᠢᠯ ᠦᠨ ᠬᠤᠭᠤᠴᠠᠭᠠᠨ ᠳᠤ ᠣᠢ ᠪᠠᠢᠢᠭᠤᠯᠵᠤ᠂ ᠬᠥᠳᠡᠭᠡ ᠠᠵᠤ ᠠᠬᠤᠢ᠂ ᠰᠡᠷᠭᠦᠭᠡᠭ᠍ᠳᠡᠬᠦ ᠡᠷᠴᠢᠮ ᠬᠦᠴᠦ᠂ ᠴᠥᠯ ᠦᠨ ᠠᠶᠠᠯᠠᠯ ᠵᠢᠭᠤᠯᠴᠢᠯᠠᠯ ᠢ ᠬᠥᠭ᠍ᠵᠢᠭᠦᠯᠵᠦ᠂ 100᠂00 ᠭᠠ᠂ ᠲᠠᠯᠠᠪᠠᠢ ᠪᠦᠬᠦᠢ ᠡᠯᠡᠰᠦᠨ ᠴᠥᠯ ᠢ ᠣᠢᠢᠵᠢᠭᠤᠯᠵᠠᠢ᠃ ᠤᠯᠠᠭᠠᠨ ᠪᠤᠭᠤᠳᠠᠢ ᠢᠢᠨ ᠰᠦᠷᠡᠯ ᠢ ᠡᠪᠡᠰᠦᠨ ᠲᠣᠤᠷ ᠬᠡᠯᠪᠡᠷᠢ ᠪᠡᠷ ᠲᠠᠯᠪᠢᠵᠤ᠂ ᠡᠯᠡᠰᠦ ᠪᠡᠬᠢᠯᠡᠬᠦ᠂ ᠲᠦᠢᠮᠡᠷ ᠡᠴᠡ ᠰᠡᠷᠭᠡᠢᠢᠯᠡᠬᠦ ᠪᠣᠯᠤᠨ ᠣᠢᠢᠵᠢᠭᠤᠯᠤᠯᠲᠠ ᠢᠢᠨ ᠪᠦᠰᠡ ᠪᠠᠢᠢᠭᠤᠯᠤᠨ ᠤᠰᠤᠵᠢᠭᠤᠯᠤᠯᠲᠠ ᠵᠡᠷᠭᠡ ᠢᠢ ᠴᠣᠭᠴᠠ ᠪᠠᠷ ᠨᠢ ᠰᠢᠢᠳᠡᠭᠰᠡᠨ 《ᠡᠪᠡᠰᠦᠨ ᠦ ᠲᠣᠤᠷ》 ᠠᠷᠭ᠎ᠠ ᠨᠢ ᠦᠨᠳᠦᠰᠦᠨ ᠦ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠳᠡᠪᠰᠢᠯ ᠦᠨ ᠲᠤᠰᠬᠠᠢ ᠱᠠᠩᠨᠠᠯ ᠬᠦᠷᠲᠡᠭᠰᠡᠨ᠃ ᠮᠥᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠪᠠᠢᠢᠭᠠᠯᠢ ᠣᠷᠴᠢᠨ ᠤ ᠬᠥᠲᠥᠯᠪᠦᠷᠢ 《ᠳᠡᠯᠡᠬᠡᠢ ᠢᠢᠨ ᠪᠠᠢᠢᠭᠠᠯᠢ ᠣᠷᠴᠢᠨ ᠢ ᠬᠠᠮᠠᠭᠠᠯᠠᠬᠤ ᠰᠢᠯᠢᠳᠡᠭ 500》 ᠴᠣᠯᠠ ᠣᠯᠭᠤᠵᠠᠢ. 《ᠱᠠᠫᠠᠲ᠋ᠣᠦ》 ᠪᠠᠢᠢᠭᠠᠯᠢ ᠤᠨ ᠬᠠᠮᠠᠭᠠᠯᠠᠯᠲᠠ ᠢᠢᠨ ᠪᠥᠰᠡ ᠵᠢᠯ ᠳᠥ 15 ᠰᠠᠶ᠎ᠠ ᠣᠷᠴᠢᠮ ᠵᠢᠭᠤᠯᠴᠢᠨ ᠬᠦᠯᠢᠶᠡᠨ ᠠᠪᠴᠤ᠂ 10 ᠲᠡᠷᠪᠤᠮ ᠶᠤᠸᠠᠨ ᠤ ᠣᠷᠣᠯᠭ᠎ᠠ ᠣᠯᠳᠠᠭ ᠶᠤᠮ ᠪᠠᠢᠢᠨ᠎ᠠ᠃