Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠶᠡᠷᠦᠩᠬᠡᠢᠢᠯᠡᠭᠴᠢ ᠸᠣ᠊ ᠸᠠᠩ ᠲᠢᠤᠢᠨᠭ᠋ ᠨᠠᠷ ᠠᠯᠪᠠᠨ ᠶᠣᠰᠣᠨ ᠤ ᠬᠡᠯᠡᠯᠴᠡᠭᠡ ᠬᠢᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠶᠡᠷᠦᠩᠬᠡᠢᠢᠯᠡᠭᠴᠢ ᠸᠣ᠊ ᠸᠠᠩ ᠲᠢᠤᠢᠨᠭ᠌ ᠨᠠᠷ 2023 ᠣᠨ ᠤ 11 ᠳ᠋ᠤᠭᠡᠷ ᠰᠠᠷ᠎ᠠ ᠢᠢᠨ 02 ᠍ ᠤ ᠡᠳᠦᠷ ᠠᠯᠪᠠᠨ ᠶᠣᠰᠣᠨ ᠤ ᠬᠡᠯᠡᠯᠴᠡᠭᠡ ᠬᠢᠪᠡ᠃

ᠠᠯᠪᠠᠨ ᠶᠣᠰᠣᠨ ᠤ ᠬᠡᠯᠡᠯᠴᠡᠭᠡ ᠨᠠᠢᠢᠷᠰᠠᠭ᠂ ᠬᠠᠯᠠᠭᠤᠨ ᠳᠣᠲᠣᠨᠣ ᠠᠭᠤᠷ ᠠᠮᠢᠰᠬᠤᠯ ᠳᠤ ᠪᠣᠯᠵᠤ᠂ ᠲᠠᠯ᠎ᠠ ᠨᠤᠭᠤᠳ ᠮᠣᠩ᠋ᠭᠣᠯ᠂ ᠸᠢᠧᠲ᠋ᠨᠠᠮ ᠤᠨ ᠬᠠᠷᠢᠯᠴᠠᠭ᠎ᠠ᠂ ᠲᠡᠭᠦᠨ ᠦ ᠳᠣᠲᠣᠷ᠎ᠠ ᠤᠯᠤᠰ ᠲᠥᠷᠦ᠂ ᠪᠠᠲᠤᠯᠠᠨ ᠬᠠᠮᠠᠭᠠᠯᠠᠬᠤ᠂ ᠵᠠᠮ ᠲᠡᠭᠡᠭᠡᠪᠦᠷᠢ᠂ ᠯᠣᠵᠢᠰᠲ᠋ᠢᠭ᠂ ᠬᠥᠳᠡᠭᠡ ᠠᠵᠤ ᠠᠬᠤᠢ᠂ ᠪᠣᠯᠪᠠᠰᠤᠷᠠᠯ᠂ ᠰᠣᠶᠣᠯ᠂ ᠠᠶᠠᠯᠠᠯ ᠵᠢᠭᠤᠯᠴᠢᠯᠠᠯ ᠵᠡᠷᠭᠡ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠪᠣᠯᠤᠨ ᠣᠯᠠᠨ ᠤᠯᠤᠰ᠂ ᠪᠦᠰᠡ ᠨᠤᠲᠤᠭ ᠤᠨ ᠲᠠᠯᠠᠪᠤᠷ ᠳ᠋ᠠᠬᠢ ᠬᠠᠮᠲᠤ ᠢᠢᠨ ᠠᠵᠢᠯᠯᠠᠭᠠᠨ ᠤ ᠥᠷᠭᠡᠨ ᠬᠦᠷᠢᠶᠡᠨ ᠦ ᠠᠰᠠᠭᠤᠳᠠᠯ ᠢᠶᠠᠷ ᠰᠠᠨᠠᠯ ᠰᠣᠯᠢᠯᠴᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠸᠢᠧᠲ᠋ᠨᠠᠮ ᠤᠯᠤᠰ ᠲᠤ ᠨᠠᠢᠢᠷᠰᠠᠭ ᠢᠶᠠᠷ ᠤᠷᠢᠵᠤ᠂ ᠮᠣᠩ᠋ᠭᠣᠯ ᠤᠨ ᠲᠥᠯᠥᠭᠡᠯᠡᠭᠴᠢᠳ ᠢ ᠬᠠᠯᠠᠭᠤᠨ ᠳᠣᠲᠣᠨᠣ ᠪᠠᠷ ᠬᠦᠯᠢᠶᠡᠨ ᠠᠪᠴᠤ ᠪᠤᠢ ᠸᠢᠧᠲ᠋ᠨᠠᠮ ᠤᠨ ᠲᠥᠷᠥ᠂ ᠵᠠᠰᠠᠭ᠂ ᠠᠷᠠᠳ ᠲᠦᠮᠡᠨ ᠳᠥ ᠲᠠᠯᠠᠷᠬᠠᠯ ᠢᠯᠡᠷᠬᠡᠢᠢᠯᠡᠯ᠎ᠡ᠃

ᠡᠷᠲᠡᠨ ᠦ ᠲᠡᠦᠬᠡᠨ ᠤᠯᠪᠠᠭ᠎ᠠ ᠲᠠᠢ᠂ ᠮᠣᠩ᠋ᠭᠣᠯ᠂ ᠸᠢᠧᠲ᠋ᠨᠠᠮ ᠤᠨ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ 《ᠨᠠᠢᠢᠷᠠᠮᠳᠠᠯᠲᠤ ᠬᠠᠮᠲᠤ ᠢᠢᠨ ᠠᠵᠢᠯᠯᠠᠭᠠᠨ ᠤ ᠵᠠᠷᠴᠢᠮ》ᠳ᠋ᠤ ᠲᠤᠯᠭᠠᠭᠤᠷᠢᠯᠠᠨ ᠥᠷᠭᠡᠵᠢᠨ ᠪᠡᠬᠢᠵᠢᠵᠦ ᠢᠷᠡᠭᠰᠡᠨ ᠢ ᠲᠡᠮᠳᠡᠭᠯᠡᠭᠡᠳ ᠴᠢᠨᠠᠬᠰᠢᠳᠠ ᠬᠣᠶᠠᠷ ᠣᠷᠣᠨ ᠤ ᠬᠠᠷᠢᠯᠴᠠᠭᠠᠨ ᠤ ᠣᠨᠴᠠᠯᠢᠭ᠂ ᠨᠥᠭᠡᠴᠡ ᠪᠣᠯᠤᠯᠴᠠᠭᠠᠨ ᠳᠤ ᠲᠤᠯᠭᠠᠭᠤᠷᠢᠯᠠᠨ ᠬᠠᠮᠲᠤ ᠢᠢᠨ ᠠᠵᠢᠯᠯᠠᠭ᠎ᠠ ᠢᠢ ᠡᠳ᠋ ᠍ ᠦᠨ ᠵᠠᠰᠠᠭ ᠤᠨ ᠪᠣᠳᠠᠲᠤ ᠠᠭᠤᠯᠭ᠎ᠠ ᠪᠠᠷ ᠪᠠᠶᠠᠵᠢᠭᠤᠯᠤᠨ ᠬᠥᠭ᠍ᠵᠢᠭᠦᠯᠬᠦ ᠢᠢᠨ ᠲᠥᠯᠥᠭᠡ ᠪᠠᠢᠢᠭ᠎ᠠ ᠪᠠᠨ ᠢᠯᠡᠷᠬᠡᠢᠢᠯᠡᠪᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠲᠤ ᠬᠢᠵᠦ ᠪᠤᠢ ᠡᠨᠡ ᠬᠦ ᠲᠥᠷᠦ ᠢᠢᠨ ᠠᠢᠢᠯᠴᠢᠯᠠᠯ ᠨᠢ ᠬᠣᠶᠠᠷ ᠤᠯᠤᠰ ᠤᠨ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ ᠢᠢ ᠢᠷᠡᠵᠦ ᠪᠤᠢ ᠣᠨ ᠵᠢᠯ ᠦᠳ ᠲᠥ ᠬᠥᠭ᠍ᠵᠢᠭᠦᠯᠬᠦ ᠬᠡᠲᠦ ᠢᠢᠨ ᠲᠥᠯᠦᠪ᠂ ᠬᠠᠮᠲᠤ ᠢᠢᠨ ᠠᠵᠢᠯᠯᠠᠭᠠᠨ ᠤ ᠴᠢᠭᠯᠡᠯ ᠢ ᠲᠣᠳᠣᠷᠬᠠᠢᠢᠯᠠᠵᠤ᠂ ᠬᠣᠶᠠᠷ ᠣᠷᠣᠨ ᠤ ᠠᠷᠠᠳ ᠲᠦᠮᠡᠨ ᠦ ᠨᠠᠢᠢᠷᠠᠮᠳᠠᠯ᠂ ᠨᠥᠬᠥᠷᠯᠡᠯ ᠢ ᠪᠡᠬᠢᠵᠢᠭᠦᠯᠬᠦ ᠳᠥ ᠴᠢᠬᠤᠯᠠ ᠲᠦᠯᠬᠢᠴᠡ ᠪᠣᠯᠵᠤ ᠪᠤᠢ ᠢᠢ ᠲᠠᠯ᠎ᠠ ᠨᠤᠭᠤᠳ ᠣᠨᠴᠠᠯᠠᠨ ᠲᠡᠮᠳᠡᠭᠯᠡᠪᠡ᠃

ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠶᠡᠷᠦᠩᠬᠡᠢᠢᠯᠡᠭᠴᠢ ᠸᠣ᠊ ᠸᠠᠩ ᠲᠢᠤᠢᠨᠭ᠌ 2024 ᠣᠨ ᠳᠤ ᠲᠣᠬᠢᠶᠠᠬᠤ ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠢᠢᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 70 ᠵᠢᠯ ᠦᠨ ᠣᠢ ᠢᠢᠨ ᠬᠦᠷᠢᠶᠡᠨ ᠳᠥ ᠮᠣᠩ᠋ᠭᠣᠯ ᠤᠯᠤᠰ ᠲᠤ ᠲᠥᠷᠦ ᠢᠢᠨ ᠠᠢᠢᠯᠴᠢᠯᠠᠯ ᠬᠢᠬᠦ ᠢᠢ ᠤᠷᠢᠭᠰᠠᠨ ᠳᠤ ᠲᠠᠯᠠᠷᠬᠠᠯ ᠢᠯᠡᠷᠬᠡᠢᠢᠯᠡᠪᠡ᠃

ᠬᠣᠶᠠᠷ ᠤᠯᠤᠰ ᠤᠨ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠥᠷᠭᠡᠵᠢᠨ ᠪᠡᠬᠢᠵᠢᠵᠦ᠂ ᠬᠥᠳᠡᠭᠡ ᠠᠵᠤ ᠠᠬᠤᠢ᠂ ᠪᠣᠯᠪᠠᠰᠤᠷᠠᠯ᠂ ᠰᠢᠨᠵᠢᠯᠡᠬᠦ ᠤᠬᠠᠭᠠᠨ᠂ ᠡᠷᠡᠭᠦᠯ ᠮᠡᠨᠳᠦ ᠵᠡᠷᠭᠡ ᠣᠯᠠᠨ ᠰᠠᠯᠪᠤᠷᠢ ᠲᠤ ᠠᠮᠵᠢᠯᠲᠠ ᠢᠢᠨ ᠲᠡᠦᠬᠡ ᠢᠢ ᠪᠦᠲᠦᠭᠡᠵᠦ ᠪᠤᠢ ᠳ᠋ᠤ ᠰᠡᠳᠬᠢᠯ ᠬᠠᠩ᠋ᠭᠠᠯᠤᠭᠤᠨ ᠪᠠᠢᠢᠭ᠎ᠠ ᠪᠠᠨ ᠬᠡᠯᠡᠯ᠎ᠡ᠃
ᠲᠠᠯ ᠠ ᠤᠳ ᠮᠣᠩ᠋ᠭᠣᠯ᠂ ᠸᠢᠧᠲ᠋ᠨᠠᠮ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ ᠲᠡᠦᠬᠡᠲᠦ 70 ᠵᠢᠯ ᠦᠨ ᠣᠢ ᠢᠢ ᠶᠣᠰᠣᠯᠠᠯ ᠲᠡᠭᠦᠯᠳᠡᠷ ᠲᠡᠮᠳᠡᠭᠯᠡᠨ ᠥᠩ᠋ᠭᠡᠷᠡᠭᠦᠯᠬᠦ᠂ ᠰᠤᠶᠤᠯ᠂ ᠤᠷᠠᠯᠢᠭ ᠤᠨ ᠵᠡᠷᠭᠡ ᠠᠷᠭ᠎ᠠ ᠬᠡᠮᠵᠢᠶ᠎ᠡ ᠢᠢ ᠬᠠᠮᠲᠤᠷᠠᠨ ᠵᠣᠬᠢᠶᠠᠨ ᠪᠠᠢᠢᠭᠤᠯᠬᠤ ᠪᠠᠷ ᠲᠣᠬᠢᠷᠠᠵᠤ᠂ ᠣᠢ ᠢᠢᠨ ᠬᠦᠷᠢᠶᠡᠨ ᠳᠥ ᠬᠣᠶᠠᠷ ᠤᠯᠤᠰ ᠤᠨ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ ᠢᠢ ᠱᠠᠲᠤ ᠠᠬᠢᠭᠤᠯᠤᠨ 《ᠢᠵᠢ ᠪᠦᠷᠢᠨ ᠲᠦᠩᠰᠢᠯᠡᠯ》 ᠍ ᠦᠨ ᠲᠦᠪᠰᠢᠨ ᠳᠥ ᠬᠦᠷᠭᠡᠬᠦ ᠴᠢᠭᠯᠡᠯ ᠢᠶᠡᠷ ᠢᠳᠡᠪᠬᠢᠲᠡᠢ ᠬᠠᠮᠲᠤᠷᠠᠨ ᠠᠵᠢᠯᠯᠠᠬᠤ ᠪᠠᠷ ᠰᠠᠨᠠᠯ ᠨᠢᠭᠡᠳᠪᠡ᠃

ᠬᠣᠶᠠᠷ ᠣᠷᠣᠨ ᠤ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠬᠦ ᠬᠦᠷᠢᠶᠡᠨ ᠳᠥ ᠮᠣᠩ᠋ᠭᠣᠯ᠂ ᠸᠢᠧᠲ᠋ᠨᠠᠮ ᠤᠨ ᠬᠣᠭᠣᠷᠣᠨᠳᠣ ᠠᠭᠠᠷ ᠤᠨ ᠬᠠᠷᠢᠯᠴᠠᠭ᠎ᠠ ᠢᠢ ᠥᠷᠭᠡᠵᠢᠭᠦᠯᠬᠦ᠂ ᠰᠢᠭᠤᠳ ᠨᠢᠰᠦᠯᠭᠡ ᠦᠢᠯᠡᠳᠬᠦ ᠵᠠᠮ ᠢᠶᠠᠷ ᠵᠣᠷᠴᠢᠭᠴᠢ᠂ ᠠᠴᠢᠶ᠎ᠠ ᠲᠡᠭᠡᠭᠡᠪᠦᠷᠢ ᠢᠢ ᠬᠣᠣᠰᠯᠠᠭᠤᠯᠤᠨ ᠬᠥᠭ᠍ᠵᠢᠭᠦᠯᠬᠦ᠂ ᠠᠶᠠᠯᠠᠯ ᠵᠢᠭᠤᠯᠴᠢᠯᠠᠯ ᠤᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠬᠥᠬᠢᠬᠥᠯᠥᠨ ᠳᠡᠮᠵᠢᠵᠦ ᠢᠷᠭᠡᠳ ᠦᠨ ᠰᠣᠯᠢᠯᠴᠠᠭ᠎ᠠ ᠢᠢ ᠨᠡᠮᠡᠭᠳᠡᠭᠦᠯᠬᠦ ᠴᠢᠭᠯᠡᠯ ᠢᠶᠡᠷ ᠬᠠᠮᠲᠤᠷᠠᠨ ᠠᠵᠢᠯᠯᠠᠬᠤ ᠪᠠᠷ ᠲᠣᠬᠢᠷᠠᠪᠠ᠃

ᠡᠨᠡ ᠤᠳᠠᠭ᠎ᠠ ᠢᠢᠨ ᠠᠢᠢᠯᠴᠢᠯᠠᠯ ᠤᠨ ᠦᠶ᠎ᠡ ᠪᠡᠷ ᠪᠠᠢᠢᠭᠤᠯᠵᠤ ᠪᠤᠢ 《ᠳ᠋ᠢᠫᠯᠣᠮᠠᠲ᠂ ᠠᠯᠪᠠᠨ ᠪᠣᠯᠤᠨ ᠡᠩ ᠦᠨ ᠫᠠᠰᠫᠣᠷᠲ ᠡᠵᠡᠮᠰᠢᠭᠴᠢᠳ ᠢ ᠸᠢᠽ ᠤᠨ ᠱᠠᠭᠠᠷᠳᠠᠯᠭ᠎ᠠ ᠠᠴᠠ ᠴᠢᠯᠦᠭᠡᠯᠡᠬᠦ ᠲᠤᠬᠠᠢ ᠮᠣᠩ᠋ᠭᠣᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠢᠢᠨ ᠬᠡᠯᠡᠯᠴᠡᠭᠡᠷ》 ᠨᠢ ᠬᠣᠶᠠᠷ ᠤᠯᠤᠰ ᠤᠨ ᠢᠷᠭᠡᠳ ᠬᠠᠷᠢᠯᠴᠠᠨ ᠵᠣᠷᠴᠢᠬᠤ ᠤᠷᠤᠰᠬᠠᠯ ᠢ ᠨᠡᠮᠡᠭᠳᠡᠭᠦᠯᠬᠦ ᠲᠠᠭᠠᠲᠠᠢ ᠨᠥᠬᠥᠴᠡᠯ ᠢ ᠪᠦᠷᠢᠳᠦᠭᠦᠯᠬᠦ ᠪᠣᠯᠤᠨ ᠠᠶᠠᠯᠠᠯ ᠵᠢᠭᠤᠯᠴᠢᠯᠠᠯ ᠢ ᠬᠥᠭ᠍ᠵᠢᠭᠦᠯᠬᠦ ᠳᠥ ᠴᠢᠬᠤᠯᠠ ᠡᠭᠦᠷᠭᠡ ᠭᠦᠢᠴᠡᠳᠭᠡᠨ᠎ᠡ ᠭᠡᠳᠡᠭ ᠢ ᠲᠠᠯ᠎ᠠ ᠨᠤᠭᠤᠳ ᠲᠡᠮᠳᠡᠭᠯᠡᠪᠡ᠃

ᠲᠠᠯ ᠠ ᠤᠳ ᠬᠣᠶᠠᠷ ᠤᠯᠤᠰ ᠤᠨ ᠬᠤᠳᠠᠯᠳᠤᠭᠠᠨ ᠤ ᠡᠷᠭᠢᠯᠲᠡ ᠢᠢᠨ ᠳᠡᠢᠢᠯᠦᠩᠬᠢ ᠬᠤᠪᠢ ᠢᠢ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠰᠠᠯᠪᠤᠷᠢ ᠢᠢᠨ ᠪᠦᠲᠦᠭᠡᠭ᠍ᠳᠡᠬᠦᠨ ᠡᠵᠡᠯᠡᠵᠦ ᠪᠤᠢ ᠢᠢ ᠳᠤᠷᠠᠳᠤᠭᠠᠳ ᠠᠢᠢᠯᠴᠢᠯᠠᠯ ᠤᠨ ᠦᠶ᠎ᠡ ᠪᠡᠷ ᠪᠠᠢᠢᠭᠤᠯᠵᠤ ᠪᠤᠢ 《ᠴᠠᠭᠠᠨ ᠪᠤᠳᠠᠭᠠᠨ ᠤ ᠬᠤᠳᠠᠯᠳᠤᠭᠠᠨ ᠤ ᠲᠣᠭᠲᠠᠪᠤᠷᠢᠲᠠᠢ ᠨᠡᠢᠢᠯᠡᠭᠦᠯᠦᠯᠲᠡ ᠢᠢᠨ ᠲᠤᠬᠠᠢ ᠰᠠᠨᠠᠮᠵᠢ ᠪᠢᠴᠢᠭ᠌》 ᠨᠢ ᠴᠢᠨᠠᠭᠰᠢᠳᠠ ᠸᠢᠧᠲ᠋ᠨᠠᠮ ᠤᠯᠤᠰ ᠠᠴᠠ ᠢᠮᠫᠤᠷᠲ᠋ᠯᠠᠬᠤ ᠴᠠᠭᠠᠨ ᠪᠤᠳᠠᠭᠠᠨ ᠤ ᠴᠢᠨᠠᠷ ᠢ ᠰᠠᠢᠢᠵᠢᠷᠠᠭᠤᠯᠬᠤ᠂ ᠬᠤᠳᠠᠯᠳᠤᠭᠠᠨ ᠤ ᠲᠣᠭᠲᠠᠪᠤᠷᠢᠲᠠᠢ ᠪᠠᠢᠢᠳᠠᠯ ᠢ ᠬᠠᠩ᠋ᠭᠠᠬᠤ ᠳᠤ ᠴᠢᠬᠤᠯᠠ ᠠᠴᠢ ᠬᠣᠯᠪᠣᠭᠳᠠᠯ ᠲᠠᠢ ᠢᠢ ᠣᠨᠴᠠᠯᠠᠪᠠ᠃

ᠮᠥᠨ ᠮᠣᠩ᠋ᠭᠣᠯ ᠤᠯᠤᠰ ᠠᠴᠠ ᠸᠢᠧᠲ᠋ᠨᠠᠮ ᠤᠯᠤᠰ ᠲᠤ ᠡᠺᠰᠫᠣᠷᠲ᠋ᠯᠠᠬᠤ ᠬᠣᠨᠢ᠂ ᠢᠮᠠᠭᠠᠨ ᠤ ᠮᠢᠬᠠᠨ ᠤ ᠣᠯᠠᠨ ᠤᠯᠤᠰ ᠤᠨ ᠮᠠᠯ ᠡᠮᠨᠡᠯᠭᠡ ᠢᠢᠨ ᠭᠡᠷᠡᠴᠢᠯᠡᠭᠡᠨ ᠦ ᠵᠠᠭᠪᠤᠷ ᠤᠨ ᠲᠤᠬᠠᠢ ᠪᠠᠷᠢᠮᠲᠠ ᠪᠢᠴᠢᠭ᠌ ᠨᠢ ᠬᠣᠶᠠᠷ ᠤᠯᠤᠰ ᠤᠨ ᠬᠦᠨᠡᠰᠦ᠂ ᠬᠥᠳᠡᠭᠡ ᠠᠵᠤ ᠠᠬᠤᠢ᠂ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠳᠥ ᠪᠣᠳᠠᠲᠤ ᠬᠤᠪᠢ ᠨᠡᠮᠡᠷᠢ ᠣᠷᠣᠭᠤᠯᠤᠨ᠎ᠠ ᠭᠡᠳᠡᠭ ᠢ ᠲᠠᠯ᠎ᠠ ᠨᠤᠭᠤᠳ ᠰᠠᠨᠠᠯ ᠨᠢᠭᠡ ᠲᠡᠢ ᠲᠡᠮᠳᠡᠭᠯᠡᠪᠡ᠃

ᠲᠠᠯ ᠠ ᠤᠳ ᠬᠣᠶᠠᠷ ᠤᠯᠤᠰ ᠤᠨ ᠪᠢᠽᠢᠨ᠋᠋ᠧᠰ ᠡᠷᠬᠢᠯᠡᠭᠴᠢᠳ᠂ ᠠᠵᠤ ᠠᠬᠤᠢ ᠢᠢᠨ ᠨᠢᠭᠡᠴᠡ ᠨᠦᠭᠦᠳ᠂ ᠵᠢᠵᠢᠭ᠂ ᠳᠤᠮᠳᠠ ᠦᠢᠯᠡᠳᠪᠦᠷᠢᠯᠡᠯ ᠦᠨ ᠬᠣᠭᠣᠷᠣᠨᠳᠣ ᠬᠡᠯᠬᠢᠶ᠎ᠡ ᠬᠣᠯᠪᠣᠭ᠎ᠠ ᠲᠣᠭᠲᠠᠭᠠᠬᠤ᠂ ᠬᠠᠮᠲᠤ ᠢᠢᠨ ᠠᠵᠢᠯᠯᠠᠭᠠᠨ ᠳᠤ ᠲᠥᠷᠥ᠂ ᠵᠠᠰᠠᠭ ᠤᠨ ᠵᠦᠭ ᠡᠴᠡ ᠪᠣᠳᠣᠯᠭ᠎ᠠ ᠢᠢᠨ ᠳᠡᠮᠵᠢᠯᠭᠡ ᠦᠵᠡᠭᠦᠯᠵᠦ ᠠᠵᠢᠯᠯᠠᠬᠤ ᠢᠢᠨ ᠴᠢᠬᠤᠯᠠ ᠢᠢ ᠳᠤᠷᠠᠳᠴᠤ᠂ ᠠᠢᠢᠯᠴᠢᠯᠠᠯ ᠤᠨ ᠦᠶ᠎ᠡ ᠪᠡᠷ ᠮᠣᠩ᠋ᠭᠣᠯ᠂ ᠸᠢᠧᠲ᠋ᠨᠠᠮ ᠤᠨ ᠪᠢᠽᠢᠨ᠋᠋ᠧᠰ ᠹᠣᠷᠣᠢᠮ ᠢ ᠾᠠᠨᠨᠤᠢ ᠬᠣᠲᠠᠨ᠎ᠠ ᠵᠣᠬᠢᠶᠠᠨ ᠪᠠᠢᠢᠭᠤᠯᠵᠤ ᠪᠤᠢ ᠢᠢ ᠰᠠᠢᠢᠰᠢᠶᠠᠪᠠ᠃

ᠮᠥᠨ ᠴᠢᠨᠠᠬᠰᠢᠳᠠ ᠠᠭᠤᠯᠠ ᠠᠭᠤᠷᠬᠠᠢ᠂ ᠡᠷᠴᠢᠮ ᠬᠦᠴᠦ᠂ ᠲᠡᠮᠦᠷ ᠵᠠᠮ ᠪᠣᠯᠤᠨ ᠳᠠᠯᠠᠢ ᠢᠢᠨ ᠲᠡᠭᠡᠭᠡᠪᠦᠷᠢ ᠢᠢᠨ ᠰᠠᠯᠪᠤᠷᠢ ᠲᠤ ᠬᠠᠮᠲᠤᠷᠠᠨ ᠠᠵᠢᠯᠯᠠᠬᠤ ᠥᠷᠭᠡᠨ ᠪᠣᠯᠤᠮᠵᠢ ᠪᠤᠢ ᠢᠢ ᠲᠠᠯ᠎ᠠ ᠨᠤᠭᠤᠳ ᠣᠨᠴᠠᠯᠠᠭᠠᠳ ᠮᠣᠩ᠋ᠭᠣᠯ ᠤᠯᠤᠰ ᠠᠴᠠ ᠺᠣᠺᠰᠵᠢᠬᠤ ᠪᠣᠯᠤᠨ ᠡᠷᠴᠢᠮ ᠬᠦᠴᠦᠨ ᠦ ᠨᠡᠭᠦᠷᠡᠰᠦ᠂ ᠠᠭᠤᠯᠠ ᠠᠭᠤᠷᠬᠠᠢ ᠢᠢᠨ ᠪᠤᠰᠤᠳ ᠪᠦᠲᠦᠭᠡᠭ᠍ᠳᠡᠬᠦᠨ ᠢ ᠸᠢᠧᠲ᠋ᠨᠠᠮ ᠤᠯᠤᠰ ᠲᠤ ᠡᠺᠰᠫᠣᠷᠲ᠋ᠯᠠᠬᠤ᠂ ᠠᠷᠠᠰᠤ᠂ ᠰᠢᠷᠢ ᠵᠡᠷᠭᠡ ᠬᠥᠳᠡᠭᠡ ᠠᠵᠤ ᠠᠬᠤᠢ ᠢᠢᠨ ᠪᠦᠲᠦᠭᠡᠭ᠍ᠳᠡᠬᠦᠨ ᠬᠠᠷᠢᠯᠴᠠᠨ ᠨᠡᠢᠢᠯᠡᠭᠦᠯᠬᠦ ᠪᠣᠯᠤᠮᠵᠢ ᠢᠢ ᠡᠷᠢᠯᠬᠢᠯᠡᠵᠦ ᠠᠵᠢᠯᠯᠠᠬᠤ ᠪᠠᠷ ᠲᠣᠭᠲᠠᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠦᠭ ᠡᠴᠡ ᠳᠡᠯᠡᠬᠡᠢ ᠢᠢᠨ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠰᠥᠷᠭᠦ ᠨᠥᠯᠦᠭᠡ ᠢᠢ ᠪᠠᠭᠤᠷᠠᠭᠤᠯᠬᠤ᠂ ᠳᠡᠯᠡᠬᠡᠢ ᠢᠢᠨ ᠬᠦᠨᠡᠰᠦᠨ ᠦ ᠬᠠᠩ᠋ᠭᠠᠮᠵᠢ ᠳᠤ ᠮᠣᠩ᠋ᠭᠣᠯ ᠤᠯᠤᠰ ᠬᠤᠪᠢ ᠨᠡᠮᠡᠷᠢ ᠪᠡᠨ ᠣᠷᠣᠭᠤᠯᠬᠤ ᠵᠣᠷᠢᠯᠭ᠎ᠠ ᠪᠠᠷ 《ᠲᠡᠷᠪᠤᠮ ᠮᠣᠳᠣ》 ᠪᠣᠯᠤᠨ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠭᠡᠰᠡᠨ ᠬᠥᠳᠡᠯᠭᠡᠭᠡᠨ ᠨᠦᠭᠦᠳ ᠢ ᠡᠬᠡ ᠣᠷᠣᠨ ᠳᠤ ᠪᠠᠨ ᠰᠠᠨᠠᠭᠠᠴᠢᠯᠠᠨ ᠬᠡᠷᠡᠭᠵᠢᠭᠦᠯᠵᠦ ᠪᠤᠢ ᠢᠢ ᠳᠤᠷᠠᠳᠤᠭᠠᠳ ᠡᠨᠡ ᠴᠢᠭᠯᠡᠯ ᠳᠥ ᠸᠢᠧᠲ᠋ᠨᠠᠮ ᠤᠨ ᠲᠠᠯ᠎ᠠ ᠲᠠᠢ ᠬᠠᠮᠲᠤᠷᠠᠨ ᠠᠵᠢᠯᠯᠠᠬᠤ ᠪᠣᠯᠤᠮᠵᠢ ᠢᠢᠨ ᠲᠠᠯ᠎ᠠ ᠪᠠᠷ ᠶᠠᠷᠢᠯᠴᠠᠪᠠ᠃

ᠬᠣᠶᠠᠷ ᠤᠯᠤᠰ ᠤᠨ ᠲᠥᠷᠥ ᠢᠢᠨ ᠲᠡᠷᠢᠭᠦᠨ ᠨᠠᠷ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ᠂ Association of South – East Asian Nations ᠪᠣᠯᠤᠨ ᠣᠯᠠᠨ ᠤᠯᠤᠰ ᠤᠨ ᠬᠠᠮᠲᠤ ᠢᠢᠨ ᠠᠵᠢᠯᠯᠠᠭᠠᠨ ᠤ ᠪᠤᠰᠤᠳ ᠪᠠᠢᠢᠭᠤᠯᠤᠯᠭ᠎ᠠ ᠤᠨ ᠬᠦᠷᠢᠶᠡᠨ ᠳᠥ ᠢᠳᠡᠪᠬᠢᠲᠡᠢ ᠬᠠᠮᠲᠤᠷᠠᠨ ᠠᠵᠢᠯᠯᠠᠵᠤ ᠢᠷᠡᠭᠰᠡᠨ ᠢ ᠣᠨᠴᠠᠯᠠᠵᠤ᠂ ᠮᠣᠩ᠋ᠭᠣᠯ ᠤᠯᠤᠰ ᠤᠨ ᠠᠽᠢ᠂ ᠨᠣᠮᠣᠬᠠᠨ ᠳᠠᠯᠠᠢ ᠢᠢᠨ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ (Asia Pacific Economic Coopration ) ᠍ ᠳᠤ ᠡᠯᠰᠡᠬᠦ ᠬᠦᠰᠡᠯ ᠡᠷᠡᠮᠡᠯᠵᠡᠯ ᠢ ᠸᠢᠧᠲ᠋ᠨᠠᠮ ᠤᠯᠤᠰ ᠦᠷᠭᠦᠯᠵᠢᠯᠡᠭᠦᠯᠦᠨ ᠳᠡᠮᠵᠢᠬᠦ ᠪᠡᠨ ᠨᠣᠲᠠᠯᠠᠪᠠ᠃

ᠬᠡᠯᠡᠯᠴᠡᠭᠡᠨ ᠦ ᠳ᠋ᠦᠩ᠋ ᠢᠢᠡᠷ ᠲᠠᠯ᠎ᠠ ᠨᠤᠭᠤᠳ ᠬᠠᠮᠲᠤᠷᠠᠭᠰᠠᠨ ᠮᠡᠳᠡᠭᠳᠡᠯ ᠭᠠᠷᠭᠠᠵᠤ᠂ ᠬᠣᠶᠠᠷ ᠤᠯᠤᠰ ᠤᠨ ᠬᠠᠷᠢᠯᠴᠠᠭᠠᠨ ᠤ ᠡᠷᠬᠡ ᠵᠦᠢ ᠢᠢᠨ ᠦᠨᠳᠦᠰᠦ ᠢᠢ ᠪᠡᠬᠢᠵᠢᠭᠦᠯᠬᠦ ᠬᠦᠷᠢᠶᠡᠨ ᠳᠥ ᠬᠠᠮᠲᠤ ᠢᠢᠨ ᠠᠵᠢᠯᠯᠠᠭᠠᠨ ᠤ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠯ᠎ᠠ᠃