Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠪᠠᠷᠢᠮᠲᠠ ᠪᠢᠴᠢᠭ ᠲᠥ ᠭᠠᠷ ᠤᠨ ᠦᠰᠦᠭ ᠵᠢᠷᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠲᠤ ᠬᠢᠵᠦ ᠪᠤᠢ ᠲᠥᠷᠥ ᠢᠢᠨ ᠠᠢᠢᠯᠴᠢᠯᠠᠯ ᠤᠨ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠶᠡᠷᠦᠩᠬᠡᠢᠢᠯᠡᠭᠴᠢ ᠸᠣ‍ ᠸᠠᠩ ᠲᠢᠤᠢᠡᠭ ᠨᠠᠷ ᠢ ᠪᠠᠢᠢᠯᠴᠠᠭᠤᠯᠤᠨ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠬᠤ ᠶᠣᠰᠣᠯᠠᠯ ᠪᠣᠯᠤᠯ᠎ᠠ᠃

ᠭᠠᠷ ᠤᠨ ᠦᠰᠦᠭ ᠵᠢᠷᠤᠬᠰᠠᠨ ᠪᠠᠷᠢᠮᠲᠠ ᠪᠢᠴᠢᠭ᠌ ᠤᠳ ᠄

  1. 《ᠳ᠋ᠢᠫᠯᠣᠮᠠᠲ᠂ ᠠᠯᠪᠠᠨ ᠪᠣᠯᠤᠨ ᠡᠩ ᠦᠨ ᠫᠠᠰᠫᠣᠷᠲ ᠡᠵᠡᠮᠰᠢᠭᠴᠢᠳ ᠢ ᠸᠢᠽ ᠤᠨ ᠱᠠᠭᠠᠷᠳᠠᠯᠭ᠎ᠠ ᠠᠴᠠ ᠴᠢᠯᠦᠭᠡᠯᠡᠬᠦ ᠲᠤᠬᠠᠢ ᠮᠣᠩ᠋ᠭᠣᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠢᠢᠨ ᠬᠡᠯᠡᠯᠴᠡᠭᠡᠷ》ᠲᠦ

ᠮᠣᠩ᠋ᠭᠣᠯ ᠤᠨ ᠲᠠᠯ᠎ᠠ ᠠᠴᠠ ᠭᠠᠳᠠᠭᠠᠳᠤ ᠬᠠᠷᠢᠯᠴᠠᠭᠠᠨ ᠤ ᠰᠠᠢᠢᠳ ᠪᠠ‍᠃ ᠪᠠᠲᠤᠴᠡᠴᠡᠭ᠂

ᠸᠢᠧᠲ᠋ᠨᠠᠮ ᠤᠨ ᠲᠠᠯ᠎ᠠ ᠠᠴᠠ ᠭᠠᠳᠠᠭᠠᠳᠤ ᠬᠡᠷᠡᠭ ᠦᠨ ᠰᠠᠢᠢᠳ ᠪᠤᠢ ᠲᠠᠨᠢ ᠰᠥᠩ ᠨᠠᠷ᠂

  1. 《ᠮᠡᠳᠡᠭᠡᠯᠡᠯ ᠰᠣᠯᠢᠯᠴᠠᠭ᠎ᠠ ᠪᠣᠯᠤᠨ ᠴᠠᠭᠠᠴᠢᠯᠠᠯ ᠤᠨ ᠮᠧᠨᠧᠵᠮᠧᠨᠲ ᠦᠨ ᠲᠤᠬᠠᠢ ᠮᠣᠩ᠋ᠭᠣᠯ ᠤᠯᠤᠰ ᠤᠨ ᠬᠠᠤᠯᠢ ᠵᠦᠢ᠂ ᠳᠣᠲᠣᠭᠠᠳᠤ ᠬᠡᠷᠡᠭ ᠦᠨ ᠶᠠᠮᠤᠨ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠨᠡᠢᠢᠭᠡᠮ ᠤᠨ ᠠᠶᠤᠯ ᠦᠭᠡᠢ ᠪᠠᠢᠢᠳᠠᠯ ᠤᠨ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌》ᠳᠦ

ᠮᠣᠩ᠋ᠭᠣᠯ ᠤᠨ ᠲᠠᠯ᠎ᠠ ᠠᠴᠠ ᠭᠠᠳᠠᠭᠠᠳᠤ ᠬᠠᠷᠢᠯᠴᠠᠭᠠᠨ ᠤ ᠰᠠᠢᠢᠳ ᠪᠠ‍᠃ ᠪᠠᠲᠤᠴᠡᠴᠡᠭ᠂

ᠸᠢᠧᠲ᠋ᠨᠠᠮ ᠤᠨ ᠲᠠᠯ᠎ᠠ ᠠᠴᠠ ᠨᠡᠢᠢᠭᠡᠮ ᠤᠨ ᠠᠶᠤᠯ ᠦᠭᠡᠢ ᠪᠠᠢᠢᠳᠠᠯ ᠤᠨ ᠰᠠᠢᠢᠳ ᠲᠤ‍ ᠯᠠᠮ ᠨᠠᠷ᠂

  1. 《ᠦᠨᠳᠦᠰᠦᠲᠡᠨ ᠳᠠᠮᠨᠠᠭᠰᠠᠨ ᠮᠠᠩᠰᠢᠭᠤᠷᠠᠭᠤᠯᠬᠤ ᠪᠣᠳᠠᠰ ᠲᠠᠢ ᠬᠣᠯᠪᠣᠭ᠎ᠠ ᠲᠠᠢ ᠭᠡᠮᠲᠦ ᠬᠡᠷᠡᠭ ᠲᠡᠢ ᠲᠡᠮᠡᠴᠡᠬᠦ ᠲᠤᠬᠠᠢ ᠮᠣᠩ᠋ᠭᠣᠯ ᠤᠯᠤᠰ ᠤᠨ ᠬᠠᠤᠯᠢ ᠵᠦᠢ᠂ ᠳᠣᠲᠣᠭᠠᠳᠤ ᠬᠡᠷᠡᠭ ᠦᠨ ᠶᠠᠮᠤᠨ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠨᠡᠢᠢᠭᠡᠮ ᠤᠨ ᠠᠶᠤᠯ ᠦᠭᠡᠢ ᠪᠠᠢᠢᠳᠠᠯ ᠤᠨ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌》ᠳᠦ

ᠮᠣᠩ᠋ᠭᠣᠯ ᠤᠨ ᠲᠠᠯ᠎ᠠ ᠠᠴᠠ ᠭᠠᠳᠠᠭᠠᠳᠤ ᠬᠠᠷᠢᠯᠴᠠᠭᠠᠨ ᠤ ᠰᠠᠢᠢᠳ ᠪᠠ‍᠃ ᠪᠠᠲᠤᠴᠡᠴᠡᠭ᠂

ᠸᠢᠧᠲ᠋ᠨᠠᠮ ᠤᠨ ᠲᠠᠯ᠎ᠠ ᠠᠴᠠ ᠨᠡᠢᠢᠭᠡᠮ ᠤᠨ ᠠᠶᠤᠯ ᠦᠭᠡᠢ ᠪᠠᠢᠢᠳᠠᠯ ᠤᠨ ᠰᠠᠢᠢᠳ ᠲᠤ‍ ᠯᠠᠮ ᠨᠠᠷ᠂

  1. 《ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠠᠵᠢᠯ ᠤᠨ ᠠᠯᠪᠠ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠨᠡᠢᠢᠭᠡᠮ ᠤᠨ ᠠᠶᠤᠯ ᠦᠭᠡᠢ ᠪᠠᠢᠢᠳᠠᠯ ᠤᠨ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌》ᠳᠦ

ᠮᠣᠩ᠋ᠭᠣᠯ ᠤᠨ ᠲᠠᠯ᠎ᠠ ᠠᠴᠠ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠨᠠᠷᠢᠨ ᠪᠢᠴᠢᠭ᠌ ᠦᠨ ᠳᠠᠷᠤᠭ᠎ᠠ ᠵᠠ‍᠃ ᠡᠩᠬᠡᠪᠠᠶᠠᠷ᠂

ᠸᠢᠧᠲ᠋ᠨᠠᠮ ᠤᠨ ᠲᠠᠯ᠎ᠠ ᠠᠴᠠ ᠨᠡᠢᠢᠭᠡᠮ ᠤᠨ ᠠᠶᠤᠯ ᠦᠭᠡᠢ ᠪᠠᠢᠢᠳᠠᠯ ᠤᠨ ᠰᠠᠢᠢᠳ ᠲᠤ‍ ᠯᠠᠮ ᠨᠠᠷ᠂

  1. 《ᠰᠲ᠋ᠷᠠᠲ᠋ᠧᠭᠢ ᠰᠤᠳᠤᠯᠭᠠᠨ ᠤ ᠴᠢᠭᠯᠡᠯ ᠢᠶᠡᠷ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠠᠵᠢᠯ ᠤᠨ ᠠᠯᠪᠠ᠂ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠨᠡᠢᠢᠭᠡᠮ ᠤᠨ ᠠᠶᠤᠯ ᠦᠭᠡᠢ ᠪᠠᠢᠢᠳᠠᠯ ᠤᠨ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌》ᠳᠦ

ᠮᠣᠩ᠋ᠭᠣᠯ ᠤᠨ ᠲᠠᠯ᠎ᠠ ᠠᠴᠠ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠨᠠᠷᠢᠨ ᠪᠢᠴᠢᠭ᠌ ᠦᠨ ᠳᠠᠷᠤᠭ᠎ᠠ ᠵᠠ‍᠃ ᠡᠩᠬᠡᠪᠠᠶᠠᠷ᠂

ᠸᠢᠧᠲ᠋ᠨᠠᠮ ᠤᠨ ᠲᠠᠯ᠎ᠠ ᠠᠴᠠ ᠨᠡᠢᠢᠭᠡᠮ ᠤᠨ ᠠᠶᠤᠯ ᠦᠭᠡᠢ ᠪᠠᠢᠢᠳᠠᠯ ᠤᠨ ᠰᠠᠢᠢᠳ ᠲᠤ‍ ᠯᠠᠮ ᠨᠠᠷ᠂

  1. 《ᠴᠠᠭᠠᠨ ᠪᠤᠳᠠᠭᠠᠨ ᠤ ᠬᠤᠳᠠᠯᠳᠤᠭᠠᠨ ᠤ ᠲᠣᠭᠲᠠᠪᠤᠷᠢᠲᠠᠢ ᠪᠠᠢᠢᠳᠠᠯ ᠤᠨ ᠲᠤᠬᠠᠢ ᠮᠣᠩ᠋ᠭᠣᠯ ᠤᠯᠤᠰ ᠤᠨ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤᠨ ᠪᠣᠯᠤᠨ ᠪᠦᠭᠦᠳᠡ ᠨᠠᠢᠢᠷᠠᠮᠳᠠᠬᠤ ᠰᠣᠴᠢᠶᠠᠯᠢᠰᠲ ᠸᠢᠧᠲ᠋ᠨᠠᠮ ᠤᠯᠤᠰ ᠤᠨ ᠠᠵᠤ ᠦᠢᠯᠡᠳᠪᠦᠷᠢ᠂ ᠬᠤᠳᠠᠯᠳᠤᠭᠠᠨ ᠤ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌》ᠳᠦ

ᠮᠣᠩ᠋ᠭᠣᠯ ᠤᠨ ᠲᠠᠯ᠎ᠠ ᠠᠴᠠ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠰᠠᠢᠢᠳ ᠬᠠ‍᠃ ᠪᠣᠯᠣᠷᠴᠢᠯᠠᠭᠤᠨ᠂

ᠸᠢᠧᠲ᠋ᠨᠠᠮ ᠤᠨ ᠲᠠᠯ᠎ᠠ ᠠᠴᠠ ᠠᠵᠤ ᠦᠢᠯᠡᠳᠪᠦᠷᠢ᠂ ᠬᠤᠳᠠᠯᠳᠤᠭᠠᠨ ᠤ ᠰᠠᠢᠢᠳ ᠨᠾᠤᠢᠧᠡᠨ ᠾᠣᠩ ᠽᠢᠶᠡᠩ ᠨᠠᠷ ᠲᠤᠰ ᠲᠤᠰ ᠭᠠᠷ ᠤᠨ ᠦᠰᠦᠭ ᠵᠢᠷᠤᠯ᠎ᠠ᠃