Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠭᠡᠷᠭᠡᠢ ᠯᠤ‍᠂ ᠪᠣᠯᠣᠷᠴᠡᠴᠡᠭ ᠨᠠᠷ ᠨᠡᠷ᠎ᠡ ᠨᠢ ᠲᠣᠳᠣᠷᠠᠭ᠎ᠠ ᠦᠭᠡᠢ ᠳᠠᠢᠢᠴᠢᠳ ᠤᠨ ᠬᠥᠰᠢᠶᠡᠨ ᠳᠥ ᠴᠡᠴᠡᠭ ᠡᠷᠭᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠶᠡᠷᠦᠩᠬᠡᠢᠢᠯᠡᠭᠴᠢ ᠲᠣᠩ᠋ᠯᠤᠢᠩ ᠰᠢᠰᠤᠢᠯᠢᠲ ᠦᠨ ᠤᠷᠢᠯᠭ᠎ᠠ ᠪᠠᠷ 2023 ᠣᠨ ᠤ 11 ᠳ᠋ᠤᠭᠡᠷ ᠰᠠᠷ᠎ᠠ ᠢᠢᠨ 05-07 ᠍ ᠤ ᠡᠳᠦᠷ ᠦᠳ ᠲᠥ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ ᠨᠠᠷ 2023 ᠣᠨ ᠤ 11 ᠳ᠋ᠤᠭᠡᠷ ᠰᠠᠷ᠎ᠠ ᠢᠢᠨ 06 ᠍ ᠤ ᠡᠳᠦᠷ ᠨᠡᠷ᠎ᠡ ᠨᠢ ᠲᠣᠳᠣᠷᠠᠭ᠎ᠠ ᠦᠭᠡᠢ ᠳᠠᠢᠢᠴᠢᠳ ᠤᠨ ᠬᠥᠰᠢᠶᠡᠨ ᠳᠥ ᠴᠡᠴᠡᠭ ᠡᠷᠭᠦᠪᠡ᠃
ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠨᠡᠢᠢᠰᠯᠡᠯ ᠸᠢᠧᠨ᠋ᠲ᠋ᠢᠶᠠᠩ ᠬᠣᠲᠠ ᠳ᠋ᠤ ᠪᠠᠢᠢᠷᠢᠯᠠᠬᠤ ᠡᠨᠡ ᠬᠦ ᠬᠥᠰᠢᠶ᠎ᠡ ᠢᠢ ᠢᠷᠭᠡᠨ ᠦ ᠳᠠᠢᠢᠨ ᠳᠤ ᠠᠮᠢ ᠦᠷᠡᠭᠳᠡᠭᠰᠡᠨ ᠴᠡᠷᠢᠭ ᠦᠳ ᠦᠨ ᠭᠡᠭᠡᠨ ᠳᠤᠷᠠᠰᠬᠠᠯ ᠳᠤ ᠵᠣᠷᠢᠭᠤᠯᠤᠨ 2009 ᠣᠨ ᠤ 01 ᠳ᠋ᠤᠭᠡᠷ ᠰᠠᠷ᠎ᠠ ᠢᠢᠨ 07 ᠍ ᠳᠤ ᠪᠦᠲᠦᠭᠡᠭ᠍ᠰᠡᠨ᠃ ᠤᠭ ᠬᠥᠰᠢᠶ᠎ᠡ 20 ᠮᠧᠲ᠋ᠷ ᠥᠨᠳᠦᠷ᠂ 36 ᠮᠧᠲ᠋ᠷ ᠥᠷᠭᠡᠨ ᠲᠡᠢ ᠪᠥᠭᠡᠳ ᠬᠥᠰᠢᠢ ᠡ ᠢᠢ ᠪᠦᠲᠦᠭᠡᠨ ᠪᠠᠢᠢᠭᠤᠯᠬᠤ ᠳᠤ ᠵᠢᠷᠭᠤᠭᠠᠨ ᠰᠠᠷ᠎ᠠ ᠢᠢᠨ ᠬᠤᠭᠤᠴᠠᠭ᠎ᠠ ᠵᠠᠷᠤᠴᠠᠭᠤᠯᠵᠠᠢ᠃

ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠤᠯᠤᠰ ᠲᠤᠩᠬᠠᠭᠯᠠᠭᠰᠠᠨ ᠤ ᠪᠠᠶᠠᠷ ᠢᠶᠠᠷ ᠲᠥᠷᠥ᠂ ᠵᠠᠰᠠᠭ ᠤᠨ ᠲᠡᠷᠭᠥᠨ ᠨᠦᠭᠦᠳ ᠨᠢ ᠴᠡᠴᠡᠭ ᠡᠷᠭᠦᠨ ᠬᠦᠨᠳᠦᠳᠬᠡᠯ ᠦᠵᠡᠭᠦᠯᠳᠡᠭ᠃ ᠮᠥᠨ ᠭᠠᠳᠠᠭᠠᠳᠤ ᠤᠯᠤᠰ ᠠᠴᠠ ᠠᠢᠢᠯᠴᠢᠯᠠᠵᠤ ᠪᠤᠢ ᠲᠥᠷᠦ᠂ ᠵᠠᠰᠠᠭ ᠤᠨ ᠲᠡᠷᠢᠭᠦᠨ ᠨᠠᠷ ᠤᠭ ᠬᠥᠰᠢᠶᠡᠨ ᠳᠥ ᠴᠡᠴᠡᠭ ᠡᠷᠭᠦᠨ ᠬᠦᠨᠳᠦᠳᠬᠡᠯ ᠦᠵᠡᠭᠦᠯᠳᠡᠭ ᠤᠯᠠᠮᠵᠢᠯᠠᠯ ᠲᠠᠢ᠃