ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠡᠳᠦᠷ᠂ 《ᠮᠣᠩ᠋ᠭᠣᠯ ᠪᠠᠬᠠᠷᠬᠠᠯ ᠤᠨ ᠡᠳᠦᠷ》 ᠍ ᠢ ᠲᠣᠬᠢᠶᠠᠯᠳᠤᠭᠤᠯᠤᠨ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠢ ᠮᠣᠩ᠋ᠭᠣᠯ ᠤᠯᠤᠰ ᠤᠨ ᠹᠢᠯᠠᠷᠮᠣᠨᠢ ᠢᠢᠨ ᠮᠣᠷᠢᠨ ᠬᠤᠭᠤᠷ ᠤᠨ ᠴᠢᠭᠤᠯᠭ᠎ᠠ ᠳᠤ ᠬᠦᠷᠲᠡᠭᠡᠯ ᠡ᠃
ᠶᠡᠷᠦᠩᠬᠡᠢᠢᠯᠡᠭᠴᠢ ᠬᠦᠮᠦᠨ ᠲᠥᠷᠥᠯᠬᠢᠲᠡᠨ ᠦ ᠰᠤᠶᠤᠯ ᠤᠨ ᠪᠡᠶᠡᠲᠦ ᠪᠤᠰᠤ ᠥᠪ᠂ ᠮᠣᠩ᠋ᠭᠣᠯ ᠦᠨᠳᠦᠰᠦᠲᠡᠨ ᠦ ᠪᠠᠬᠠᠷᠬᠠᠯ ᠪᠣᠯᠤᠭᠰᠠᠨ ᠮᠣᠷᠢᠨ ᠬᠤᠭᠤᠷ ᠢᠶᠠᠨ ᠳᠡᠭᠡᠳᠦᠯᠡᠨ ᠳᠡᠯᠭᠡᠷᠡᠭᠦᠯᠵᠦ᠂ ᠦᠨᠳᠦᠰᠦᠨ ᠦ ᠤᠬᠠᠮᠰᠠᠷ᠂ ᠰᠤᠶᠤᠯ᠂ ᠰᠡᠳᠬᠢᠯᠭᠡ ᠢᠢ ᠬᠥᠭ᠍ᠵᠢᠭᠦᠯᠬᠦ ᠦᠢᠯᠡᠰ ᠲᠥ ᠦᠨᠡᠲᠡᠢ ᠬᠤᠪᠢ ᠨᠡᠮᠡᠷᠢ ᠣᠷᠣᠭᠤᠯᠵᠤ᠂ ᠳᠡᠯᠡᠬᠡᠢ ᠳᠠᠬᠢᠨ ᠳᠤ ᠤᠯᠤᠰ ᠤᠨ ᠢᠶᠠᠨ ᠨᠡᠷ᠎ᠡ ᠬᠦᠨᠳᠦ ᠢᠢ ᠥᠷᠭᠡᠨ᠂ ᠥᠪ ᠰᠤᠶᠤᠯ᠂ ᠦᠨᠡᠲᠦ ᠵᠦᠢᠯ ᠢ ᠰᠤᠷᠲᠠᠯᠴᠢᠯᠠᠨ ᠲᠠᠨᠢᠭᠤᠯᠬᠤ ᠳᠤ ᠣᠨᠴᠤᠭᠤᠢ ᠭᠠᠪᠢᠶ᠎ᠠ ᠪᠠᠢᠢᠭᠤᠯᠤᠭᠰᠠᠨ ᠢ ᠨᠢ ᠮᠣᠩ᠋ᠭᠣᠯ ᠤᠨ ᠲᠥᠷᠥ ᠡᠢᠢᠨ ᠬᠦ ᠦᠨᠡᠯᠡᠵᠦ ᠪᠠᠢᠢᠭ᠎ᠠ ᠢᠢ ᠲᠡᠮᠳᠡᠭᠯᠡᠪᠡ᠃ 1992 ᠣᠨ ᠳᠤ ᠪᠠᠢᠢᠭᠤᠯᠤᠭᠳᠠᠭᠰᠠᠨ ᠮᠣᠷᠢᠨ ᠬᠤᠭᠤᠷ ᠤᠨ ᠴᠢᠭᠤᠯᠭ᠎ᠠ ᠠᠩᠬᠠᠨ ᠤ ᠲᠣᠭᠯᠠᠯᠲᠠ ᠪᠠᠨ 1993 ᠣᠨ ᠳᠤ ᠬᠢᠭ᠍ᠰᠡᠨ ᠲᠡᠦᠬᠡ ᠲᠡᠢ᠃ ᠣᠳᠣ ᠪᠠᠷ ᠡᠬᠡ ᠣᠷᠣᠨ ᠳᠤ ᠪᠠᠨ 3᠂000 ᠭᠠᠷᠤᠢ᠂ ᠳᠡᠯᠡᠬᠡᠢ ᠢᠢᠨ 21 ᠤᠯᠤᠰ ᠲᠤ 95 ᠤᠳᠠᠭ᠎ᠠ 600 ᠭᠠᠷᠤᠢ ᠤᠳᠠᠭ᠎ᠠ ᠲᠣᠭᠯᠠᠵᠤ᠂ ᠤᠷᠠᠨ ᠪᠦᠲᠦᠭᠡᠯ ᠢᠶᠡᠨ ᠲᠣᠯᠢᠯᠠᠭᠤᠯᠤᠭᠠᠳ ᠪᠠᠢᠢᠨ᠎ᠠ.
《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠢᠶᠠᠷ᠄
ᠮᠣᠩ᠋ᠭᠣᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ᠂ ᠦᠨᠳᠦᠰᠦᠨ ᠦ ᠡᠪ ᠨᠢᠭᠡᠳᠦᠯ ᠢ ᠪᠠᠲᠤᠳᠬᠠᠨ ᠪᠡᠬᠢᠵᠢᠭᠦᠯᠬᠦ᠂ ᠬᠦᠮᠦᠨᠯᠢᠭ᠂ ᠠᠷᠠᠳᠴᠢᠯᠠᠭᠰᠠᠨ ᠨᠡᠢᠢᠭᠡᠮ ᠴᠣᠭᠴᠠᠯᠠᠭᠤᠯᠤᠨ ᠬᠥᠭ᠍ᠵᠢᠭᠦᠯᠵᠦ᠂ ᠨᠡᠢᠢᠭᠡᠮ ᠤᠨ ᠳᠡᠪᠰᠢᠯ ᠢ ᠬᠠᠩ᠋ᠭᠠᠬᠤ᠂ ᠲᠥᠷᠥᠳᠦ ᠶᠣᠰᠣ᠂ ᠲᠡᠦᠬᠡ᠂ ᠰᠤᠶᠤᠯ ᠤᠨ ᠢᠶᠠᠨ ᠤᠯᠠᠮᠵᠢᠯᠠᠯ ᠢ ᠭᠦᠨᠵᠡᠭᠡᠢ ᠰᠤᠳᠤᠯᠵᠤ᠂ ᠬᠣᠢᠢᠴᠢ ᠦᠶ ᠡ ᠳ᠋ᠥ ᠪᠡᠨ ᠥᠪᠯᠡᠭᠦᠯᠬᠦ᠂ ᠲᠡᠳᠡᠭᠡᠷ ᠢ ᠪᠤᠰᠤᠳ ᠣᠷᠣᠨ ᠳᠤ ᠰᠤᠷᠲᠠᠯᠴᠢᠯᠠᠨ ᠲᠠᠨᠢᠭᠤᠯᠬᠤ ᠦᠢᠯᠡᠰ ᠲᠥ ᠦᠨᠡᠲᠡᠢ ᠬᠤᠪᠢ ᠨᠡᠮᠡᠷᠢ ᠣᠷᠣᠭᠤᠯᠵᠤ᠂ ᠲᠥᠷᠥ᠂ ᠨᠡᠢᠢᠭᠡᠮ᠂ ᠦᠨᠳᠦᠰᠦᠲᠡᠨ ᠦ ᠡᠮᠦᠨ᠎ᠡ ᠣᠨᠴᠤᠭᠤᠢ ᠭᠠᠪᠢᠶ᠎ᠠ ᠪᠠᠢᠢᠭᠤᠯᠤᠭᠰᠠᠨ ᠮᠣᠩ᠋ᠭᠣᠯ ᠤᠯᠤᠰ ᠤᠨ ᠬᠠᠮᠲᠤᠯᠢᠭ᠂ ᠢᠷᠭᠡᠨ᠂ ᠬᠠᠤᠯᠢ ᠢᠢᠨ ᠡᠲᠡᠭᠡᠳ᠂
ᠤᠯᠤᠰ ᠲᠦᠮᠡᠨ ᠦ ᠡᠪ ᠨᠢᠭᠡᠳᠦᠯ᠂ ᠬᠥᠭ᠍ᠵᠢᠯ ᠴᠡᠴᠡᠭᠯᠡᠯᠲᠡ᠂ ᠬᠦᠮᠦᠨ ᠲᠥᠷᠥᠯᠬᠢᠲᠡᠨ ᠦ ᠠᠮᠤᠷ ᠠᠮᠤᠭᠤᠯᠠᠩ ᠪᠠᠢᠢᠳᠠᠯ ᠢ ᠪᠡᠬᠢᠵᠢᠭᠦᠯᠬᠦ᠂ ᠭᠠᠳᠠᠭᠠᠳᠤ ᠣᠷᠣᠨ ᠨᠤᠭᠤᠳ ᠲᠠᠢ ᠲᠣᠭᠲᠠᠭᠠᠭᠰᠠᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ᠂ ᠳᠡᠯᠡᠬᠡᠢ ᠳᠠᠬᠢᠨ ᠳᠤ ᠮᠣᠩ᠋ᠭᠣᠯ ᠤᠯᠤᠰ ᠤᠨ ᠨᠡᠷ᠎ᠡ ᠬᠦᠨᠳᠦ ᠢᠢ ᠡᠷᠭᠥᠨ ᠰᠤᠷᠲᠠᠯᠴᠢᠯᠠᠬᠤ᠂ ᠡᠳ᠋ ᠍ ᠦᠨ ᠵᠠᠰᠠᠭ᠂ ᠨᠡᠢᠢᠭᠡᠮ᠂ ᠣᠶᠤᠨ ᠰᠠᠨᠠᠭᠠᠨ ᠤ ᠬᠥᠭ᠍ᠵᠢᠯ ᠳ᠋ᠦ ᠪᠣᠳᠠᠲᠠᠢ ᠬᠤᠪᠢ ᠨᠡᠮᠡᠷᠢ ᠣᠷᠣᠭᠤᠯᠤᠭᠰᠠᠨ ᠭᠠᠳᠠᠭᠠᠳᠤ ᠣᠷᠣᠨ ᠤ ᠲᠥᠷᠥ᠂ ᠨᠡᠢᠢᠭᠡᠮ ᠤᠨ ᠵᠢᠳᠬᠦᠯᠲᠡᠨ᠂ ᠢᠷᠭᠡᠨ ᠢ ᠱᠠᠩᠨᠠᠳᠠᠭ ᠶᠤᠮ᠃
《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠬᠦᠷᠲᠡᠭᠰᠡᠨ ᠡᠷᠬᠢᠮ ᠦᠳ᠄
2005 ᠣᠨ ᠳᠤ ᠮᠣᠩ᠋ᠭᠣᠯ ᠤᠯᠤᠰ ᠤᠨ ᠠᠩᠬᠠᠨ ᠤ ᠶᠡᠷᠦᠩᠬᠡᠢᠢᠯᠡᠭᠴᠢ ᠫᠤ᠂ ᠸᠴᠢᠷᠪᠠᠲᠤ᠂
2006 ᠣᠨ ᠳᠤ ᠲᠥᠷᠥ ᠢᠢᠨ ᠱᠠᠩᠨᠠᠯᠲᠤ᠂ ᠤᠷᠠᠯᠢᠭ ᠤᠨ ᠭᠠᠪᠢᠶᠠᠲᠤ ᠵᠢᠳᠬᠦᠯᠲᠡᠨ᠂ ᠬᠥᠭ᠍ᠵᠢᠮ ᠦᠨ ᠵᠣᠬᠢᠶᠠᠯᠴᠢ ᠪ᠂ ᠰᠢᠷᠠᠪ᠂
2009 ᠣᠨ ᠳᠤ ᠮᠣᠩ᠋ᠭᠣᠯ ᠤᠯᠤᠰ ᠤᠨ ᠶᠡᠷᠦᠩᠬᠡᠢ ᠰᠠᠢᠢᠳ ᠠᠰᠠᠨ ᠳᠠ᠊᠂ ᠪᠢᠮᠪᠠᠰᠦ᠋ᠷᠦᠩ᠂
2010 ᠣᠨ ᠳᠤ ᠲᠥᠷᠥ᠂ ᠨᠡᠢᠢᠭᠡᠮ ᠤᠨ ᠵᠢᠳᠬᠦᠯᠲᠡᠨ᠂ ᠰᠢᠨᠵᠢᠯᠡᠬᠦ ᠤᠬᠠᠭᠠᠨ ᠤ ᠭᠠᠪᠢᠶᠠᠲᠤ ᠠᠵᠢᠯᠲᠠᠨ ᠷᠠ᠊᠂ ᠭᠣᠨᠴᠣᠭᠳᠣᠷᠵᠢ᠂
2011 ᠣᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠰᠠᠨ ᠨᠠ᠊᠂ ᠪᠠᠭᠠᠪᠠᠨᠳᠢ᠂
2012 ᠣᠨ ᠳᠤ ᠤᠯᠤᠰ ᠤᠨ ᠶᠡᠬᠡ ᠬᠤᠷᠠᠯ ᠤᠨ ᠳᠠᠷᠤᠭ᠎ᠠ ᠠᠰᠠᠨ᠂ ᠭᠠᠪᠢᠶᠠᠲᠤ ᠡᠳ᠋ ᠍ ᠦᠨ ᠵᠠᠰᠠᠭᠴᠢ ᠲ᠂ ᠳᠡᠮᠪᠡᠷᠢᠯ᠂
2013 ᠣᠨ ᠳᠤ ᠮᠣᠩ᠋ᠭᠣᠯ ᠤᠯᠤᠰ ᠤᠨ ᠶᠡᠷᠦᠩᠬᠡᠢ ᠰᠠᠢᠢᠳ ᠠᠰᠠᠨ ᠲᠤ᠊᠂ ᠰᠣᠳᠨᠠᠮ᠂
2014 ᠣᠨ ᠳᠤ ᠨᠡᠷᠡᠲᠦ ᠡᠷᠳᠡᠮᠲᠡᠨ᠂ ᠹᠢᠼᠢᠺᠴᠢ᠂ ᠠᠺᠠᠳᠧᠮᠢᠴᠢ ᠬᠠ᠊᠂ ᠨᠠᠮᠰᠠᠷᠠᠢ᠂
2015 ᠣᠨ ᠳᠤ ᠮᠣᠩ᠋ᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠵᠣᠬᠢᠶᠠᠯᠴᠢ᠂ ᠢᠷᠠᠭᠤ ᠨᠠᠢᠢᠷᠠᠭᠴᠢ ᠭᠤ᠂ ᠮᠡᠨᠳᠦ-ᠣᠣᠶᠣ᠂
2016 ᠣᠨ ᠳᠤ ᠮᠣᠩ᠋ᠭᠣᠯ ᠤᠯᠤᠰ ᠤᠨ ᠭᠠᠪᠢᠶᠠᠲᠤ ᠵᠦᠵᠦᠭᠡᠴᠢᠨ᠂ ᠳᠠᠭᠤᠷᠢ ᠢᠢᠨ ᠳᠠᠭᠤᠯᠠᠭᠠᠴᠢ ᠭᠠ᠊᠂ ᠠᠷᠢᠭᠤᠨᠪᠠᠭᠠᠲᠤᠷ᠂
2017 ᠣᠨ ᠳᠤ ᠮᠣᠩ᠋ᠭᠣᠯ ᠤᠯᠤᠰ ᠤᠨ ᠭᠠᠪᠢᠶᠠᠲᠤ ᠲᠠᠮᠢᠷᠴᠢᠨ᠂ ᠬᠥᠳᠡᠯᠮᠦᠷᠢ ᠢᠢᠨ ᠪᠠᠭᠠᠲᠤᠷ᠂ ᠣᠯᠢᠮᠫ ᠤᠨ ᠠᠪᠤᠷᠭᠤ ᠨᠠ᠊᠂ ᠲᠦᠪᠰᠢᠨᠪᠠᠶᠠᠷ᠂
2019 ᠣᠨ ᠳᠤ The Hu ᠬᠠᠮᠲᠤᠯᠢᠭ᠂
2021 ᠣᠨ ᠳᠤ ᠰᠠᠨᠰᠠᠷ ᠤᠨ ᠨᠢᠰᠬᠡᠭ᠍ᠴᠢ᠂ ᠬᠣᠰᠢᠭᠤᠴᠢ ᠭᠧᠨᠧᠷᠠᠯ ᠵᠥ᠊᠂ ᠭᠦᠷᠦᠷᠠᠭᠴᠠ᠂
2021 ᠣᠨ ᠳᠤ ᠮᠣᠩ᠋ᠭᠣᠯ ᠤᠯᠤᠰ ᠤᠨ ᠵᠡᠪᠰᠡᠭᠲᠦ ᠬᠦᠴᠦᠨ᠂
2022 ᠣᠨ ᠳᠤ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠠᠺᠠᠳᠧᠮᠢᠴᠢ᠂ ᠳ᠋ᠣᠺᠲ᠋ᠣᠷ᠂ ᠫᠷᠣᠹᠧᠰᠰᠣᠷ ᠲ᠂ ᠳᠣᠷᠵᠢᠭᠣᠲᠤᠪ᠂
2022 ᠣᠨ ᠳᠤ ᠠᠮᠧᠷᠢᠺᠠ ᠢᠢᠨ ᠨᠢᠭᠡᠳᠦᠭᠰᠡᠨ ᠤᠯᠤᠰ ᠤᠨ ᠡᠷᠳᠡᠮᠲᠡᠨ᠂ ᠳ᠋ᠣᠺᠲ᠋ᠣᠷ᠂ ᠫᠷᠣᠹᠧᠰᠰᠣᠷ ᠵᠠᠺ ᠤᠢᠡᠲ᠋ᠧᠷᠹᠣᠷᠲ