ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠦ 861 ᠵᠢᠯ ᠦᠨ ᠣᠢ᠂ 《ᠮᠣᠩ᠋ᠭᠣᠯ ᠪᠠᠬᠠᠷᠬᠠᠯ ᠤᠨ ᠡᠳᠦᠷ》 ᠍ ᠢ ᠲᠣᠬᠢᠶᠠᠯᠳᠤᠭᠤᠯᠤᠨ ᠵᠣᠬᠢᠶᠠᠨ ᠪᠠᠢᠢᠭᠤᠯᠤᠭᠰᠠᠨ 《ᠮᠥᠩᠬᠡ ᠲᠩᠷᠢ ᠢᠢᠨ ᠪᠢᠴᠢᠭ᠌-2023》 ᠮᠣᠩ᠋ᠭᠣᠯ ᠤᠷᠠᠨ ᠪᠢᠴᠢᠯᠭᠡ ᠢᠢᠨ ᠰᠢᠯᠢᠳᠡᠭ ᠦᠳ ᠲᠣᠳᠣᠷᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ᠂ ᠪᠣᠯᠪᠠᠰᠤᠷᠠᠯ᠂ ᠰᠢᠨᠵᠢᠯᠡᠬᠦ ᠤᠬᠠᠭᠠᠨ ᠤ ᠰᠠᠢᠢᠳ ᠯᠤ᠊᠂ ᠡᠩᠬᠡ-ᠠᠮᠤᠭᠤᠯᠠᠩ᠂ ᠰᠤᠶᠤᠯ ᠤᠨ ᠳᠡᠳ᠋ ᠰᠠᠢᠢᠳ ᠮ᠂ ᠪᠠᠲᠤᠪᠠᠶᠠᠷ᠂ ᠪᠣᠯᠪᠠᠰᠤᠷᠠᠯ ᠤᠨ ᠶᠡᠷᠦᠩᠬᠡᠢ ᠭᠠᠵᠠᠷ ᠤᠨ ᠳᠠᠷᠤᠭ᠎ᠠ ᠲ᠂ ᠨᠢᠮ᠎ᠠ-ᠸᠴᠢᠷ ᠨᠠᠷ ᠱᠠᠩᠨᠠᠯ ᠢ ᠨᠢ ᠭᠠᠷᠳᠠᠭᠤᠯᠪᠠ᠃
ᠤᠷᠠᠨ ᠪᠦᠲᠦᠭᠡᠯᠴᠢᠳ ᠦᠨ ᠠᠩ᠋ᠭᠢᠯᠠᠯ ᠳᠤ᠄
ᠭᠣᠯᠣᠮᠲᠠ ᠪᠠᠩᠬᠢᠨ ᠤ ᠭᠷᠠᠹᠢᠺ ᠳ᠋ᠢᠽᠠᠢᠢᠨᠧᠷ ᠼ᠂ ᠲᠠᠮᠢᠷ – 《ᠵᠠᠩ᠋ᠭᠠᠷ》᠂
ᠮᠣᠩ᠋ᠭᠣᠯ ᠤᠨ ᠬᠡᠦᠬᠡᠳ ᠦᠨ ᠤᠷᠠᠯᠠᠨ ᠪᠦᠲᠦᠭᠡᠬᠦ ᠲᠥᠪ ᠦᠨ ᠪᠠᠭᠰᠢ ᠡ᠊᠂ ᠠᠩᠬᠡᠪᠠᠶᠠᠷ – 《ᠴᠢᠩ᠋ᠭᠢᠰ ᠬᠠᠭᠠᠨ ᠤ ᠥᠴᠢᠯ》᠂
ᠲᠡᠭᠦᠰ ᠪᠠᠶᠠᠰᠬᠤᠯᠠᠩᠲᠤ ᠪᠤᠶᠠᠨ ᠳᠡᠯᠭᠡᠷᠡᠭᠦᠯᠦᠭᠴᠢ ᠬᠡᠢᠢᠳ ᠦᠨ ᠭᠡᠪᠰᠢ ᠰ᠂ ᠪᠤᠶᠠᠨᠬᠦᠦ – 《ᠮᠠᠩᠵᠤᠰᠢᠷᠢ ᠪᠤᠷᠬᠠᠨ ᠤ ᠰᠠᠬᠢᠭᠤᠰᠤᠨ ᠬᠦᠷᠳᠦ》᠂
ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠥᠷ ᠮᠣᠩ᠋ᠭᠣᠯ ᠤᠨ ᠥᠪᠡᠷ ᠲᠥ ᠪᠡᠨ ᠵᠠᠰᠠᠬᠤ ᠣᠷᠣᠨ ᠤ 《ᠮᠣᠩ᠋ᠭᠣᠯ ᠤᠷᠠᠨ ᠪᠢᠴᠢᠯᠭᠡ ᠢᠢᠨ ᠨᠡᠢᠢᠭᠡᠮᠯᠢᠭ᠌》 ᠤᠨ ᠭᠡᠰᠢᠭᠦᠨ ᠮᠡᠷᠭᠡᠨᠪᠠᠲᠤ – 《ᠥᠯᠵᠡᠢᠢᠲᠦ ᠰᠦᠯᠳᠡᠨ ᠦᠭᠡ ᠮᠢᠨᠢ》᠂
ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠰᠢᠨᠵᠢᠶᠠᠩ ᠤᠢᠢᠭᠤᠷ ᠤᠨ ᠥᠪᠡᠷ ᠲᠥ ᠪᠡᠨ ᠵᠠᠰᠠᠬᠤ ᠣᠷᠣᠨ ᠤ ᠤᠷᠠᠨ ᠪᠦᠲᠦᠭᠡᠯᠴᠢ᠂ ᠮᠣᠩ᠋ᠭᠣᠯ ᠤᠯᠤᠰ ᠤᠨ ᠪᠣᠯᠪᠠᠰᠤᠷᠠᠯ ᠤᠨ ᠶᠡᠬᠡ ᠰᠦᠷᠭᠠᠭᠤᠯᠢ ᠦᠨ ᠮᠠᠭᠢᠰᠲ᠋ᠷᠠᠨ᠋ᠲ ᠠᠭᠤᠯᠠ ᠤᠨ ᠰᠠᠮᠲ᠋ᠠᠨ -《ᠡᠷ᠎ᠡ ᠬᠣᠶᠠᠷ ᠵᠠᠭᠠᠯ》᠂
ᠵᠡᠭᠦᠨ ᠬᠦᠷᠢᠢ᠎ᠡ ᠳᠠᠰᠢᠴᠣᠢᠢᠯᠢᠨ ᠬᠡᠢᠢᠳ ᠦᠨ ᠪᠤᠷᠬᠠᠨᠴᠢ ᠯᠠᠮᠠ᠂ 《ᠵᠡᠭᠦᠨ ᠬᠦᠷᠢᠢ᠎ᠡ》 ᠺᠣᠯᠯᠧᠵᠢ ᠢᠢᠨ ᠪᠠᠭᠰᠢ ᠮ᠂ ᠡᠷᠳᠡᠮᠪᠢᠯᠡᠭ – 《ᠮᠢᠨᠦ ᠮᠣᠩ᠋ᠭᠣᠯ ᠪᠢᠴᠢᠭ᠌》᠂
ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠪᠠᠭᠰᠢ ᠨᠠᠷ ᠤᠨ ᠠᠩ᠋ᠭᠢᠯᠠᠯ ᠳᠤ᠄
ᠮᠣᠩ᠋ᠭᠣᠯ ᠤᠨ ᠬᠡᠦᠬᠡᠳ ᠦᠨ ᠤᠷᠠᠯᠠᠨ ᠪᠦᠲᠦᠭᠡᠬᠦ ᠲᠥᠪ ᠦᠨ ᠪᠠᠭᠰᠢ ᠲ᠂ ᠳᠤᠯᠮᠠᠰᠦ᠋ᠷᠦᠩ – 《ᠡᠭᠦᠯᠡᠨ ᠵᠠᠷᠤᠳᠠᠰᠤ》᠂
ᠬᠥᠪᠰᠥᠭᠥᠯ ᠠᠢᠢᠮᠠᠭ ᠤᠨ ᠲᠣᠰᠣᠨᠴᠡᠩ᠋ᠭᠡᠯ ᠰᠤᠮᠤ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠠᠩ᠋ᠭ᠍ᠯᠢ ᠬᠡᠯᠡᠨ ᠦ ᠪᠠᠭᠰᠢ ᠯ᠂ ᠤᠤᠭᠠᠨᠵᠢᠷᠭᠠᠯ – 《ᠴᠠᠭᠠᠰᠤᠨ ᠰᠢᠪᠠᠭᠤ》 ᠰᠤᠷᠭᠠᠯ᠂
ᠪᠠᠶᠠᠨᠬᠣᠩ᠋ᠭᠣᠷ ᠠᠢᠢᠮᠠᠭ ᠤᠨ ᠪᠠᠶᠠᠨᠬᠣᠩ᠋ᠭᠣᠷ ᠰᠤᠮᠤ ᠢᠢᠨ ᠶᠡᠷᠦᠩᠬᠡᠢ ᠪᠣᠯᠪᠠᠰᠤᠷᠠᠯ ᠤᠨ 5 ᠳ᠋ᠤᠭᠠᠷ ᠰᠤᠷᠭᠠᠭᠤᠯᠢ ᠢᠢᠨ ᠮᠣᠩ᠋ᠭᠣᠯ ᠬᠡᠯᠡ᠂ ᠤᠷᠠᠨ ᠵᠣᠬᠢᠶᠠᠯ ᠤᠨ ᠪᠠᠭᠰᠢ ᠡ᠊᠂ ᠮᠥᠩᠬᠡᠳᠠᠯᠠᠢ – 《ᠴᠢᠩ᠋ᠭᠢᠰ ᠬᠠᠭᠠᠨ ᠤ ᠪᠢᠯᠢᠭ᠌ ᠰᠤᠷᠭᠠᠯ》᠂
ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ 《ᠲᠣᠮᠤᠵᠢᠨ》 ᠠᠯᠲ᠋ᠧᠷᠨᠠᠲ᠋ᠢᠸ ᠰᠤᠷᠭᠠᠭᠤᠯᠢ ᠢᠢᠨ ᠮᠣᠩ᠋ᠭᠣᠯ ᠬᠡᠯᠡ᠂ ᠤᠷᠠᠨ ᠵᠣᠬᠢᠶᠠᠯ ᠤᠨ ᠪᠠᠭᠰᠢ ᠬ᠂ ᠠᠮᠤᠷᠵᠢᠷᠭᠠᠯ – 《ᠡᠷᠲᠡᠨ ᠦ ᠰᠠᠢᠢᠬᠠᠨ》᠂
ᠣᠶᠤᠲᠠᠨ ᠨᠤᠭᠤᠳ ᠤᠨ ᠠᠩ᠋ᠭᠢᠯᠠᠯ ᠳᠤ᠄
ᠮᠣᠩ᠋ᠭᠣᠯ ᠤᠯᠤᠰ ᠤᠨ ᠶᠡᠬᠡ ᠰᠤᠷᠭᠠᠭᠤᠯᠢ ᠢᠢᠨ 《ᠪᠠᠭᠰᠢ᠂ ᠮᠣᠩ᠋ᠭᠣᠯ ᠬᠡᠯᠡ᠂ ᠤᠷᠠᠨ ᠵᠣᠬᠢᠶᠠᠯ ᠤᠨ ᠪᠣᠯᠪᠠᠰᠤᠷᠠᠯ》 ᠬᠥᠲᠥᠯᠪᠦᠷᠢ ᠢᠢᠨ I ᠠᠩᠬᠢ ᠢᠢᠨ ᠣᠶᠤᠲᠠᠨ ᠴ᠂ ᠥᠨᠢᠷᠵᠠᠶᠠᠭᠠ – 《ᠭᠡᠰᠡᠷ ᠦᠨ ᠲᠤᠭᠤᠵᠢ》
ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠦᠨ ᠣᠶᠤᠲᠠᠨ ᠪ᠂ ᠬᠠᠨᠭᠳᠤᠰᠦ᠋ᠷᠦᠩ – 《ᠲᠤᠰᠠᠭᠠᠷ ᠲᠣᠭᠲᠠᠨᠢᠯ》
ᠮᠣᠩ᠋ᠭᠣᠯ ᠤᠯᠤᠰ ᠤᠨ ᠶᠡᠬᠡ ᠰᠤᠷᠭᠠᠭᠤᠯᠢ ᠤᠨ III ᠠᠩᠬᠢ ᠢᠢᠨ ᠣᠶᠤᠲᠠᠨ ᠪ᠂ ᠬᠦᠰᠡᠯᠡᠩ-ᠡᠷᠳᠡᠨᠢ – 《ᠳᠡᠯᠡᠬᠡᠢ ᠢᠢᠨ ᠨᠡᠢᠢᠰᠯᠡᠯ ᠬᠠᠷᠠᠬᠣᠷᠣᠮ》᠂
ᠮᠣᠩ᠋ᠭᠣᠯ ᠤᠯᠤᠰ ᠤᠨ ᠶᠡᠬᠡ ᠰᠤᠷᠭᠠᠭᠤᠯᠢ ᠢᠢᠨ 《ᠪᠠᠭᠰᠢ᠂ ᠮᠣᠩ᠋ᠭᠣᠯ ᠬᠡᠯᠡ᠂ ᠤᠷᠠᠨ ᠵᠣᠬᠢᠶᠠᠯ ᠤᠨ ᠪᠣᠯᠪᠠᠰᠤᠷᠠᠯ ᠤᠨ ᠬᠥᠲᠥᠯᠪᠦᠷᠢ》 ᠍ ᠢᠢᠨ I ᠠᠩᠬᠢ ᠢᠢᠨ ᠣᠶᠤᠲᠠᠨ ᠦ᠊᠂ ᠡᠩᠬᠡᠵᠢᠨ – 《ᠰᠠᠷᠠᠨ ᠬᠥᠬᠥᠭᠡᠨ ᠦ ᠲᠤᠭᠤᠵᠢ》᠂
ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠣᠶᠤᠲᠠᠨ ᠲ᠂ ᠳᠥᠯᠥᠭᠡᠨ᠂ ᠪ᠂ ᠪᠠᠳᠮᠠᠬᠣᠷᠯᠤ᠂ ᠠ᠊᠂ ᠬᠠᠯᠢᠭᠤᠨ᠂ ᠶᠡ᠊᠂ ᠡᠩᠬᠡᠵᠢᠨ – 《ᠴᠣᠭᠲᠤ ᠢᠢᠨ ᠬᠠᠳᠠᠨ ᠤ ᠪᠢᠴᠢᠭ᠌》᠂
11-12 ᠳ᠋ᠤᠭᠠᠷ ᠠᠩᠬᠢ ᠢᠢᠨ ᠰᠤᠷᠤᠭᠴᠢᠳ ᠤᠨ ᠠᠩ᠋ᠭᠢᠯᠠᠯ ᠳᠤ᠄
ᠬᠥᠪᠰᠥᠭᠥᠯ ᠠᠢᠢᠮᠠᠭ ᠤᠨ ᠮᠥᠷᠡᠨ ᠰᠤᠮᠤ ᠢᠢᠨ ᠶᠡᠷᠦᠩᠬᠡᠢ ᠪᠣᠯᠪᠠᠰᠤᠷᠠᠯ ᠤᠨ 2 ᠳ᠋ᠤᠭᠠᠷ ᠰᠤᠷᠭᠠᠭᠤᠯᠢ ᠢᠢᠨ 12 ᠳ᠋ᠤᠭᠠᠷ ᠠᠩᠬᠢ ᠢᠢᠨ ᠰᠤᠷᠤᠭᠴᠢ ᠭ᠂ ᠴᠣᠯᠮᠣᠨ – 《ᠣᠶᠤᠨ ᠲᠦᠯᠬᠢᠭᠦᠷ》᠂
ᠬᠥᠪᠰᠥᠭᠥᠯ ᠠᠢᠢᠮᠠᠭ ᠤᠨ ᠮᠥᠷᠡᠨ ᠰᠤᠮᠤ ᠢᠢᠨ ᠶᠡᠷᠦᠩᠬᠡᠢ ᠪᠣᠯᠪᠠᠰᠤᠷᠠᠯ ᠤᠨ 《ᠲᠢᠲᠢᠮ》 ᠰᠤᠷᠭᠠᠭᠤᠯᠢ ᠢᠢᠨ ᠰᠤᠷᠤᠭᠴᠢ ᠲ᠂ ᠴᠡᠷᠡᠩᠨᠢᠮᠠ – 《ᠬᠠᠭᠤᠴᠢᠨ ᠬᠥᠦ》᠂
ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ 23 ᠳ᠋ᠤᠭᠠᠷ ᠰᠤᠷᠭᠠᠭᠤᠯᠢ ᠢᠢᠨ 11 ᠳ᠋ᠤᠭᠡᠷ ᠠᠩᠬᠢ ᠢᠢᠨ ᠰᠤᠷᠤᠭᠴᠢ ᠪ᠂ ᠪᠠᠶᠠᠷ-ᠡᠷᠳᠡᠨᠢ – 《ᠲᠠᠮᠠᠭ᠎ᠠ ᠦᠭᠡᠢ ᠲᠥᠷᠥ》᠂
ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 79 ᠳ᠋ᠤᠭᠡᠷ ᠰᠤᠷᠭᠠᠭᠤᠯᠢ ᠢᠢᠨ 11 ᠳ᠋ᠤᠭᠡᠷ ᠠᠩᠬᠢ ᠢᠢᠨ ᠰᠤᠷᠤᠭᠴᠢ ᠴ᠂ ᠴᠡᠷᠡᠩ-ᠸᠴᠢᠷ – 《ᠣᠶᠤᠨ ᠲᠦᠯᠬᠢᠭᠦᠷ》᠂
ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ 《ᠬᠥᠭ᠍ᠵᠢᠯ》 ᠴᠣᠭᠴᠠᠯᠠᠪᠤᠷᠢ ᠰᠤᠷᠭᠠᠭᠤᠯᠢ ᠢᠢᠨ 11 ᠳ᠋ᠤᠭᠡᠷ ᠠᠩᠬᠢ ᠢᠢᠨ ᠰᠤᠷᠤᠭᠴᠢ ᠪ᠂ ᠨᠠᠨᠳᠢᠨ-ᠡᠷᠳᠡᠨᠢ – 《ᠮᠥᠩᠬᠡ ᠲᠩᠷᠢ ᠢᠢᠨ ᠪᠢᠴᠢᠭ᠌》᠂
8-10 ᠳ᠋ᠤᠭᠠᠷ ᠠᠩᠬᠢ ᠢᠢᠨ ᠰᠤᠷᠤᠭᠴᠢᠳ ᠤᠨ ᠠᠩ᠋ᠭᠢᠯᠠᠯ ᠳᠤ᠄
ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ 《ᠲᠣᠮᠤᠵᠢᠨ》 ᠠᠯᠲ᠋ᠧᠷᠨᠠᠲ᠋ᠢᠸ ᠰᠤᠷᠭᠠᠭᠤᠯᠢ ᠢᠢᠨ 8 ᠳ᠋ᠤᠭᠠᠷ ᠠᠩᠬᠢ ᠢᠢᠨ ᠰᠤᠷᠤᠭᠴᠢ ᠭ᠂ ᠴᠡᠨᠭᠳᠦ-ᠠᠶᠤᠱᠢ – 《ᠪᠤᠷᠬᠠᠨ ᠪᠠᠭᠰᠢ ᠢᠢᠨ ᠰᠤᠷᠭᠠᠯ》᠂
ᠤᠪᠰᠤ ᠠᠢᠢᠮᠠᠭ ᠤᠨ ᠨᠠᠷᠠᠨᠪᠤᠯᠠᠭ ᠰᠤᠮᠤ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 9 ᠳ᠋ᠤᠭᠡᠷ ᠠᠩᠬᠢ ᠢᠢᠨ ᠰᠤᠷᠤᠭᠴᠢ ᠪ᠂ ᠵᠠᠶᠠᠭ᠎ᠠ – 《ᠴᠢᠩ᠋ᠭᠢᠰ ᠬᠠᠭᠠᠨ ᠤ ᠰᠤᠷᠭᠠᠯ》᠂
ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ 《ᠭᠤᠷᠪᠠᠨ ᠲᠠᠮᠢᠷ》 ᠰᠤᠷᠭᠠᠭᠤᠯᠢ ᠢᠢᠨ 8 ᠳ᠋ᠤᠭᠠᠷ ᠠᠩᠬᠢ ᠢᠢᠨ ᠰᠤᠷᠤᠭᠴᠢ ᠥ᠊ ᠂ ᠰᠣᠪᠢᠳᠬᠦᠦ – 《ᠭᠡᠰᠡᠷ ᠲᠤᠭᠤᠵᠢ》᠂
ᠬᠥᠪᠰᠥᠭᠥᠯ ᠠᠢᠢᠮᠠᠭ ᠤᠨ ᠲᠣᠰᠣᠨᠴᠡᠩ᠋ᠭᠡᠯ ᠰᠤᠮᠤ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 9 ᠳ᠋ᠤᠭᠡᠷ ᠠᠩᠬᠢ ᠢᠢᠨ ᠰᠤᠷᠤᠭᠴᠢ ᠪ ᠂ ᠡᠮᠦᠵᠢᠨ – 《ᠵᠠᠮᠤᠬ᠎ᠠ ᠢᠢᠨ ᠥᠴᠢᠯ》᠂
ᠪᠤᠯᠠᠭᠠᠨ ᠠᠢᠢᠮᠠᠭ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 8 ᠳ᠋ᠤᠭᠠᠷ ᠠᠩᠬᠢ ᠢᠢᠨ ᠰᠤᠷᠤᠭᠴᠢ ᠨ᠂ ᠠᠨᠠᠨᠳᠠ – 《ᠣᠶᠤᠨ ᠲᠦᠯᠬᠢᠭᠦᠷ》 ᠪᠦᠲᠦᠭᠡᠯ ᠢᠶᠡᠷ ᠢᠶᠡᠨ ᠡᠬᠢᠨ ᠦ ᠭᠤᠷᠪᠠ ᠪᠣᠯᠤᠨ ᠲᠤᠰᠬᠠᠢ ᠪᠠᠢᠢᠷᠢ ᠡᠵᠡᠯᠡᠵᠡᠢ᠃ ᠦᠵᠡᠰᠬᠦᠯᠡᠩ ᠳᠥ ᠮᠠᠨ ᠤ ᠤᠯᠤᠰ ᠠᠴᠠ ᠭᠠᠳᠠᠨ᠎ᠠ ᠣᠷᠣᠰ ᠤᠨ ᠬᠣᠯᠪᠣᠭᠠᠨ ᠤ ᠤᠯᠤᠰ ᠤᠨ ᠪᠦᠭᠦᠳᠡ ᠨᠠᠢᠢᠷᠠᠮᠳᠠᠬᠤ ᠪᠤᠷᠢᠶᠠᠳ ᠤᠯᠤᠰ᠂ ᠪᠦᠭᠦᠳᠡ ᠨᠠᠢᠢᠷᠠᠮᠳᠠᠬᠤ ᠬᠠᠯᠢᠮᠠᠭ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠥᠷ ᠮᠣᠩ᠋ᠭᠣᠯ ᠤᠨ ᠥᠪᠡᠷ ᠲᠥ ᠪᠡᠨ ᠵᠠᠰᠠᠬᠤ ᠣᠷᠣᠨ᠂ ᠰᠢᠨᠵᠢᠶᠠᠩ-ᠤᠢᠢᠭᠤᠷ ᠤᠨ ᠥᠪᠡᠷ ᠲᠥ ᠪᠡᠨ ᠵᠠᠰᠠᠬᠤ ᠣᠷᠣᠨ ᠤ ᠤᠷᠠᠨ ᠪᠦᠲᠦᠭᠡᠯᠴᠢ᠂ ᠤᠷᠠᠨ ᠪᠢᠴᠢᠭᠡᠴᠢ ᠪᠠᠭᠰᠢ᠂ ᠣᠶᠤᠲᠠᠨ᠂ ᠰᠤᠷᠤᠭᠴᠢᠳ 300 ᠭᠠᠷᠤᠢ ᠪᠦᠲᠦᠭᠡᠯ ᠢᠶᠡᠨ ᠢᠷᠡᠭᠦᠯᠵᠡᠢ᠃ ᠡᠨᠡ ᠵᠢᠯ ᠣᠶᠤᠲᠠᠨ ᠤ ᠠᠩ᠋ᠭᠢᠯᠠᠯ ᠢ ᠰᠢᠨ᠎ᠡ ᠪᠡᠷ ᠨᠡᠮᠡᠭᠰᠡᠨ ᠪᠠᠢᠢᠨ᠎ᠠ᠃
《ᠮᠥᠩᠬᠡ ᠲᠩᠷᠢ ᠢᠢᠨ ᠪᠢᠴᠢᠭ᠌》 ᠦᠵᠡᠰᠬᠦᠯᠡᠩ ᠢ ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠡᠳᠦᠷ ᠢ ᠲᠣᠬᠢᠶᠠᠯᠳᠤᠭᠤᠯᠤᠨ ᠤᠯᠠᠮᠵᠢᠯᠠᠯ ᠪᠣᠯᠭᠠᠨ ᠵᠣᠬᠢᠶᠠᠨ ᠪᠠᠢᠢᠭᠤᠯᠳᠠᠭ᠃ ᠡᠨᠡ ᠬᠦᠷᠢᠶᠡᠨ ᠳᠥ ᠦᠨᠳᠦᠰᠦᠨ ᠦ ᠪᠢᠴᠢᠭ᠌ ᠦᠰᠦᠭ ᠢᠶᠡᠨ ᠰᠤᠷᠴᠤ ᠪᠠᠢᠢᠭ᠎ᠠ ᠰᠤᠷᠤᠭᠴᠢᠳ᠂ ᠪᠠᠭᠰᠢ ᠨᠠᠷ ᠪᠣᠯᠤᠨ ᠮᠣᠩ᠋ᠭᠣᠯ ᠤᠷᠠᠨ ᠪᠢᠴᠢᠯᠭᠡ ᠢᠢ ᠭᠠᠷᠮᠠᠭᠠᠢ ᠡᠵᠡᠮᠰᠢᠭᠰᠡᠨ ᠤᠷᠠᠨ ᠪᠦᠲᠦᠭᠡᠯᠴᠢᠳ ᠢ ᠬᠥᠬᠢᠬᠥᠯᠥᠨ ᠤᠷᠮᠠᠰᠢᠭᠤᠯᠵᠤ᠂ ᠰᠢᠯᠢᠳᠡᠭ ᠪᠦᠲᠦᠭᠡᠯ ᠦᠳ ᠢ ᠨᠡᠢᠢᠲᠡ ᠳᠥ ᠰᠤᠷᠲᠠᠯᠴᠢᠯᠠᠨ ᠲᠠᠨᠢᠭᠤᠯᠳᠠᠭ ᠶᠤᠮ᠃ ᠦᠵᠡᠰᠬᠦᠯᠡᠩ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠰᠤᠶᠤᠯ ᠤᠨ ᠶᠠᠮᠤᠨ᠂ ᠪᠣᠯᠪᠠᠰᠤᠷᠠᠯ᠂ ᠰᠢᠨᠵᠢᠯᠡᠬᠦ ᠤᠬᠠᠭᠠᠨ ᠤ ᠶᠠᠮᠤᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠳᠡᠷᠭᠡᠳᠡᠬᠢ ᠬᠡᠯᠡᠨ ᠦ ᠪᠣᠳᠣᠯᠭ᠎ᠠ ᠢᠢᠨ ᠦᠨᠳᠦᠰᠦᠨ ᠦ ᠵᠥᠪᠯᠡᠯ᠂ ᠨᠡᠢᠢᠰᠯᠡᠯ ᠦᠨ ᠰᠤᠶᠤᠯ᠂ ᠤᠷᠠᠯᠢᠭ ᠤᠨ ᠭᠠᠵᠠᠷ᠂ ᠮᠤ᠊᠂ ᠥ᠂ ᠷᠠ᠊᠂ ᠲᠧ᠂ ᠪᠣᠯᠪᠠᠰᠤᠷᠠᠯ ᠤᠨ ᠶᠡᠷᠦᠩᠬᠡᠢ ᠭᠠᠵᠠᠷ᠂ 《ᠴᠢᠩ᠋ᠭᠢᠰ ᠬᠠᠭᠠᠨ》 ᠦᠨᠳᠦᠰᠦᠨ ᠦ ᠮᠦᠽᠧᠢ᠂ ᠮᠣᠩ᠋ᠭᠣᠯ ᠤᠨ ᠬᠡᠦᠬᠡᠳ ᠦᠨ ᠤᠷᠠᠯᠠᠨ ᠪᠦᠲᠦᠭᠡᠬᠦ ᠲᠥᠪ᠂ ᠮᠣᠩ᠋ᠭᠣᠯ ᠤᠯᠤᠰ ᠤᠨ ᠶᠡᠬᠡ ᠰᠤᠷᠭᠠᠭᠤᠯᠢ᠂ ᠣᠯᠠᠨ ᠤᠯᠤᠰ ᠤᠨ ᠮᠣᠩ᠋ᠭᠣᠯ ᠤᠷᠠᠨ ᠪᠢᠴᠢᠯᠭᠡ ᠢᠢᠨ ᠬᠣᠯᠪᠣᠭ᠎ᠠ᠂ ᠮᠣᠩ᠋ᠭᠣᠯ ᠤᠨ ᠤᠷᠠᠴᠤᠳ ᠤᠨ ᠡᠪᠯᠡᠯ ᠬᠠᠮᠲᠤᠷᠠᠨ ᠵᠣᠬᠢᠶᠠᠨ ᠪᠠᠢᠢᠭᠤᠯᠤᠯ᠎ᠠ᠃ 《ᠮᠥᠩᠬᠡ ᠲᠩᠷᠢ ᠢᠢᠨ ᠪᠢᠴᠢᠭ᠌-2023》 ᠦᠵᠡᠰᠬᠦᠯᠡᠩ ᠢ 《ᠴᠢᠩ᠋ᠭᠢᠰ ᠬᠠᠭᠠᠨ》 ᠮᠦᠽᠧᠢ ᠨᠡᠢᠢᠲᠡ ᠳᠥ ᠲᠣᠯᠢᠯᠠᠭᠤᠯᠵᠤ ᠪᠠᠢᠢᠨ᠎ᠠ᠃