ᠶᠡᠬᠡ ᠡᠵᠡᠨ ᠴᠢᠩᢉᠢᠰ ᠬᠠᠭᠠᠨ ᠤ᠋ ᠮᠡᠨᠳᠦᠯᠡᢉᠰᠡᠨ ᠡᠳᠦᠷ᠂ “ᠮᠣᠩ᠋ᠭᠤᠯ ᠪᠠᠬᠠᠷᠬᠠᠯ ᠤᠨ ᠡᠳᠦᠷ”᠆ ᠢ ᠲᠣᢈᠬᠢᠶᠠᠯᠳᠤᠭᠤᠯᠤᠨ “ᠴᠢᠩᢉᠢᠰ ᠬᠠᠭᠠᠨ” ᠦᠨᠳᠦᠰᠦᠨ ᠤ ᠮᠦᠽᠧᠢ ᠳ᠋ᠦ “ᠵᠤᠯᠠ ᠠᠯᠳᠠᠷ ᠬᠠᠭᠠᠨ” ᠪᠠᠭᠠᠲᠤᠷᠯᠢᠭ ᠲᠤᠤᠯᠢ ᠬᠠᠢᠢᠯᠠᠯ᠎ᠠ᠃
ᠰᠢᠨᠵᠢᠯᠡᢈᠦ ᠤᠬᠠᠭᠠᠨ ᠤ᠋ ᠠᠻᠠᠳ᠋ᠧᠮᠢ ᠶ᠋ᠢᠨ ᠬᠡᠯᠡ ᠵᠣᠬᠢᠶᠠᠯ ᠤᠨ ᠬᠦᠷᠢᠶᠡᠯᠡᠩ ᠦ᠋ᠨ ᠡᠷᠳᠡᠮ ᠰᠢᠨᠵᠢᠯᠡᢉᠡᠨ ᠤ ᠠᠵᠢᠯᠲᠠᠨ᠂ ᠳ᠋ᠣᠻᠲ᠋ᠤᠷ ᠲᠥ᠊᠂ ᠪᠠᠶᠠᠰᠬᠤᠯᠠᠩ᠂ ᠮᠣᠩ᠋ᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠶ᠋ᠢᠨ ᠤᠳᠬ᠎ᠠ ᠵᠣᠬᠢᠶᠠᠯ ᠤᠨ ᠲᠢᠩᠬᠢᠮ ᠦ᠋ᠨ ᠪᠠᠭᠰᠢ᠂ ᠳ᠋ᠣᠻᠲ᠋ᠣᠷ ᠣ᠂ ᠤᠳᠬᠠᠨᠪᠠᠭᠠᠲᠤᠷ ᠨᠠᠷ ᠮᠣᠩ᠋ᠭᠣᠯ ᠲᠤᠤᠯᠢ ᠬᠠᠢᠢᠯᠠᠬᠤ ᠵᠠᠩ ᠦᠢᠯᠡ᠂ ᠲᠤᠤᠯᠢ ᠶ᠋ᠢᠨ ᠬᠡᠯᠬᠢᠶ᠎ᠡ ᠬᠣᠯᠪᠤᠭ᠎ᠠ᠂ ᠤᠭ ᠦᠨᠳᠦᠰᠦ ᠶ᠋ᠢᠨ ᠲᠠᠯ ᠠ ᠪᠠᠷ ᠵᠣᠴᠢᠳ ᠲᠤ ᠲᠠᠢᠢᠯᠪᠤᠷᠢᠯᠠᠪᠠ᠃
ᠳᠠᠷᠠᠭ᠎ᠠ ᠨᠢ ᠮᠣᠩ᠋ᠭᠣᠯ ᠤᠯᠤᠰ ᠤᠨ ᠰᠣᠶᠤᠯ ᠤᠨ ᠭᠠᠪᠢᠶᠠᠲᠤ ᠵᠢᠳᠬᠦᠯᠲᠡᠨ᠂ ᠲᠤᠤᠯᠢᠴᠢ ᠠ᠂ ᠪᠠᠯᠳᠠᠨᠳᠣᠷᠵᠢ᠂ ᠰᠣᠶᠤᠯ ᠤᠨ ᠭᠠᠪᠢᠶᠠᠲᠤ ᠵᠢᠳᠬᠦᠯᠲᠡᠨ᠂ ᠲᠤᠤᠯᠢᠴᠢ ᠡ᠂ ᠪᠠᠭᠠᠲᠤᠷᠵᠠᠪ ᠨᠠᠷ “ᠵᠤᠯᠠ ᠠᠯᠳᠠᠷ ᠬᠠᠭᠠᠨ” ᠲᠤᠤᠯᠢ ᠬᠠᠢᠢᠯᠠᠯ᠎ᠠ᠃
ᠶᠣᠰᠤᠯᠠᠯ ᠤᠨ ᠦᠶ᠎ᠡ ᠪᠡᠷ “ᠮᠣᠩ᠋ᠭᠣᠯ ᠲᠤᠤᠯᠢ ᠨᠤᠭᠤᠳ ᠨᠢ ᠦᠨᠳᠦᠰᠦᠲᠡᠨ ᠤ ᠬᠡᠯᠡ᠂ ᠰᠣᠶᠤᠯ᠂ ᠲᠡᠦᠬᠡ᠂ ᠤᠳᠬ᠎ᠠ ᠵᠣᠬᠢᠶᠠᠯ᠂ ᠤᠷᠠᠯᠢᠭ᠂ ᠤᠷᠠᠨ ᠰᠠᠢᠢᠬᠠᠨ ᠤ᠋ ᠰᠡᠳᠬᠢᠯᠭᠡᠨ ᠤ ᠨᠢᠭᠡ ᠭᠠᠢᠢᠬᠠᠮᠰᠢᠭᠲᠤ ᠡᠬᠡ ᠰᠤᠷᠪᠤᠯᠵᠢ ᠪᠣᠯᠬᠤ ᠨᠢ” ᠰᠡᠳᠦᠪᠲᠦ ᠢᠯᠡᠳᠬᠡᠯ ᠲᠠᠯᠪᠢᠭᠰᠠᠨ ᠪᠠᠢᠢᠨ᠎ᠠ᠃
ᠲᠤᠤᠯᠢ ᠬᠠᠢᠢᠯᠬᠤ ᠶᠣᠰᠤᠯᠠᠯ ᠢ᠋ ᠮᠣᠩ᠋ᠭᠣᠯ ᠤᠯᠤᠰ ᠤᠨ ᠶᠡᠷᠦᠩᠬᠡᠢᠢᠯᠡᢉᠴᠢ ᠶ᠋ᠢᠨ ᠲᠠᠮᠠᠭ᠎ᠠ ᠶ᠋ᠢᠨ ᠭᠠᠵᠠᠷ᠂ ᠰᠣᠶᠤᠯ ᠤᠨ ᠶᠠᠮᠤᠨ᠂ “ᠴᠢᠩᢉᠢᠰ ᠬᠠᠭᠠᠨ” ᠦᠨᠳᠦᠰᠦᠨ ᠤ ᠮᠦᠽᠧᠢ᠂ ᠮᠣᠩ᠋ᠭᠣᠯ ᠤᠯᠤᠰ ᠤᠨ ᠶᠡᠬᠡ ᠰᠤᠷᠭᠠᠭᠤᠯᠢ ᠶ᠋ᠢᠨ ᠤᠳᠬ᠎ᠠ ᠵᠣᢈᠢᠶᠠᠯ᠂ ᠤᠷᠠᠯᠢᠭ ᠰᠤᠳᠤᠯᠤᠯ ᠤᠨ ᠲᠢᠩᠬᠢᠮ ᠬᠠᠮᠲᠤᠷᠠᠨ ᠵᠣᠬᠢᠶᠠᠨ ᠪᠠᠢᠢᠭᠤᠯᠠᠪᠠ᠃
“ᠮᠣᠩ᠋ᠭᠤᠯ ᠪᠠᠭᠠᠲᠤᠷᠯᠢᠭ ᠲᠤᠤᠯᠢ ᠨᠤᠭᠤᠳ ᠢᠶᠠᠨ ᠳᠡᢉᠡᠳᠦᠯᠡᠨ ᠳᠡᠯᢉᠡᠷᠡᢉᠦᠯᠬᠦ ᠲᠤᠬᠠᠢ” ᠮᠣᠩ᠋ᠭᠤᠯ ᠤᠯᠤᠰ ᠤᠨ ᠶᠡᠷᠦᠩᠬᠡᠢᠢᠯᠡᢉᠴᠢ ᠶ᠋ᠢᠨ ᠒᠐᠑᠙ ᠣᠨ ᠤ᠋ ᠑᠓ ᠳ᠋ᠤᠭᠠᠷ ᠵᠠᠷᠯᠢᠭ ᠤᠨ ᠳᠠᠭᠠᠭᠤ ᠵᠢᠯ ᠪᠦᠷᠢ ᠶ᠋ᠢᠨ ᠬᠠᠪᠤᠷ ᠤᠨ ᠲᠡᠷᠢᢉᠦᠨ ᠰᠠᠷ᠎ᠠ ᠪᠣᠯᠤᠨ ᠡᠪᠦᠯ ᠦ᠋ᠨ ᠲᠡᠷᠢᢉᠦᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠤ᠋ ᠡᠳᠦᠷ ᠪᠠᠭᠠᠲᠤᠷᠯᠢᠭ ᠲᠤᠤᠯᠢ ᠨᠤᠭᠤᠳ ᠬᠠᠢᠢᠯᠳᠠᠭ ᠤᠯᠠᠮᠵᠢᠯᠠᠯ ᠲᠠᠢ ᠶᠤᠮ᠃