ᠮᠣᠩ᠋ᠭᠣᠯ ᠤᠯᠤᠰ ᠤᠨ ᠶᠡᠷᠦᠩᠬᠡᠢᠢᠯᠡᢉᠴᠢ ᠤᠬᠤᠨᠠ ᠶ᠋ᠢᠨ ᠬᠦᠷᠡᠯᠰᠦ᠋ᠬᠡ ᠳ᠋ᠦ ᠬᠣᠯᠪᠤᠭᠠᠨ ᠤ᠋ ᠪᠦᢉᠦᠳᠡ ᠨᠠᠢᠢᠷᠠᠮᠳᠠᠬᠤ ᠠᠷᠠᠳᠴᠢᠯᠠᠭᠰᠠᠨ ᠪᠠᠯᠪᠠ ᠤᠯᠤᠰ ᠠ᠋ᠴᠠ ᠮᠣᠩ᠋ᠭᠤᠯ ᠤᠯᠤᠰ ᠲᠤ ᠬᠠᠪᠰᠤᠷᠤᠨ ᠰᠠᠭᠤᠬᠤ ᠣᠨᠴᠠ ᠪᠥᢉᠡᠳ ᠪᠦᠷᠢᠨ ᠡᠷᠬᠡᠲᠦ ᠡᠯᠴᠢᠨ ᠰᠠᠢᠢᠳ ᠪᠢᠱᠨᠤ ᠫᠦᠻᠠᠷ ᠱᠷᠧᠰᠲ᠋ᠠ ᠢᠲᠡᢉᠡᠮᠵᠢᠯᠡᠬᠦ ᠵᠢᠭᠤᠬᠤ ᠪᠢᠴᠢᠭ᠌ ᠢᠶᠡᠨ ᠡᠷᠭᠥᠨ ᠪᠠᠷᠢᠪᠠ᠃
ᠡᠯᠴᠢᠨ ᠰᠠᠢᠢᠳ ᠢ᠋ ᠡᢉᠦᠷᢉᠡᠳ᠋ᠦ ᠠᠵᠢᠯ ᠳ᠋ᠤ ᠪᠠᠨ ᠣᠷᠤᠵᠤ ᠪᠤᠢ ᠳ᠋ᠤ ᠨᠢ ᠶᠡᠷᠦᠩᠬᠡᠢᠢᠯᠡᢉᠴᠢ ᠪᠠᠶᠠᠷ ᠬᠦᠷᢉᠡᠵᠦ᠂ ᠠᠮᠵᠢᠯᠲᠠ ᠬᠦᠰᠡᠪᠡ᠃
ᠬᠠᠷᠢᠯᠴᠠᠭᠠ᠂ ᠬᠠᠮᠲᠤ ᠶ᠋ᠢᠨ ᠠᠵᠢᠯᠯᠠᠭᠠ ᠶ᠋ᠢ ᠪᠡᠬᠢᠵᠢᢉᠦᠯᠬᠦ ᠳ᠋ᠦ ᠡᠯᠴᠢᠨ ᠰᠠᠢᠢᠳ ᠬᠦᠴᠦᠨ ᠴᠢᠷᠮᠠᠢᠢᠯᠲᠠ ᠭᠠᠷᠭᠠᠨᠠ ᢉᠡᠳᠡᠭ ᠲᠦ ᠢᠲᠡᢉᠡᠵᠦ ᠪᠠᠢᠢᠭᠠ ᠪᠠᠨ ᠬᠡᠯᠡᢉᠡᠳ᠂ ᠲᠥᠷᠦ᠂ ᠵᠠᠰᠠᠭ ᠠ᠋ᠴᠠ ᠪᠦᠬᠦ ᠲᠠᠯᠠ ᠶ᠋ᠢᠨ ᠳᠡᠮᠵᠢᠯᠭᠡ ᠦᠵᠡᢉᠦᠯᠬᠦ ᠪᠡᠨ ᠢᠯᠡᠷᠬᠡᠢᠢᠯᠡᠪᠡ᠃
ᠮᠥᠨ ᠣᠯᠠᠨ ᠤᠯᠤᠰ ᠤᠨ ᠬᠠᠮᠲᠤ ᠶ᠋ᠢᠨ ᠨᠡᠢᠢᢉᠡᠮᠯᠢᠭ᠌᠂ ᠨᠡ᠊᠂ ᠦ᠂ ᠪᠠ᠊᠂ ᠪᠣᠯᠤᠨ ᠣᠯᠠᠨ ᠤᠯᠤᠰ ᠤᠨ ᠪᠠᠢᠢᠭᠤᠯᠤᠯᠭᠠ ᠤᠨ ᠬᠦᠷᠢᠶᠡᠨ ᠳ᠋ᠦ ᠬᠠᠷᠢᠯᠴᠠᠭᠠ ᠶ᠋ᠢ ᠪᠡᠬᠢᠵᠢᢉᠦᠯᠬᠦ ᠶ᠋ᠢᠨ ᠲᠥᠯᠦᠭᠡ ᠪᠠᠢᠢᠭᠠ ᠶ᠋ᠢ ᠲᠡᠮᠳᠡᢉᠯᠡᠪᠡ᠃
ᠡᠯᠴᠢᠨ ᠰᠠᠢᠢᠳ ᠪᠢᠱᠨᠥ ᠫᠦᠻᠠᠷ ᠱᠷᠧᠰᠲ᠋ᠠ ᠬᠠᠷᠢᠯᠴᠠᠭᠠ᠂ ᠬᠠᠮᠲᠤ ᠶ᠋ᠢᠨ ᠠᠵᠢᠯᠯᠠᠭᠠ ᠶ᠋ᠢ ᠥᠷᢉᠡᠵᠢᢉᠦᠯᠦᠨ ᠬᠥᢉᠵᠢᢉᠦᠯᠬᠦ ᠶ᠋ᠢᠨ ᠲᠥᠯᠦᠭᠡ ᠵᠢᠳᠬᠦᠯ ᠭᠠᠷᠭᠠᠨ ᠠᠵᠢᠯᠯᠠᠬᠤ ᠪᠠᠨ ᠢᠯᠡᠷᠬᠡᠢᠢᠯᠡᠪᠡ᠃