Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠶᠡᠷᠦᠩᠬᠡᠢᠢᠯᠡᠭᠴᠢ ᠡᠷᠬᠢᠮ ᠳᠡᠭᠡᠳᠦ ᠱᠧᠢᠬᠥ ᠮᠤᠾᠠᠮᠮᠠᠳ᠋ ᠪᠢᠩ ᠽᠠᠢᠳ᠋ ᠠᠯᠢ-ᠨᠠᠾᠢᠶᠠᠨ ᠲᠠᠢ ᠠᠭᠤᠯᠵᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠠᠷᠠᠪ ᠤᠨ ᠨᠢᠭᠡᠳᠦᠭᠰᠡᠨ ᠡᠮᠢᠷᠠᠲ ᠤᠯᠤᠰ ᠲᠤ ᠵᠣᠬᠢᠶᠠᠨ ᠪᠠᠢᠢᠭᠤᠯᠤᠭᠳᠠᠵᠤ ᠪᠤᠢ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠲᠤᠬᠠᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠰᠠᠭᠤᠷᠢ ᠺᠣᠨ᠋ᠸᠧᠨ᠋ᠼ ᠤᠨ ᠲᠠᠯ ᠠ ᠤᠳ ᠤᠨ 28 ᠳ᠋ᠤᠭᠠᠷ ᠪᠠᠭ᠎ᠠ ᠬᠤᠷᠠᠯ ᠳᠤ ᠤᠷᠤᠯᠴᠠᠬᠤ ᠦᠶ᠎ᠡ ᠪᠡᠷ ᠢᠶᠡᠨ 2023 ᠣᠨ ᠤ 11 ᠳ᠋ᠤᠭᠡᠷ ᠰᠠᠷ᠎ᠠ ᠢᠢᠨ 28 ᠍ ᠤ ᠡᠳᠦᠷ ᠲᠤᠰ ᠤᠯᠤᠰ ᠤᠨ ᠶᠡᠷᠦᠩᠬᠡᠢᠢᠯᠡᠭᠴᠢ ᠡᠷᠬᠢᠮ ᠳᠡᠭᠡᠳᠦ ᠱᠧᠢᠬᠥ ᠮᠤᠾᠠᠮᠮᠠᠳ᠋ ᠪᠢᠩ ᠽᠠᠢᠳ᠋ ᠠᠯᠢ-ᠨᠠᠾᠢᠶᠠᠨ  ᠲᠠᠢ ᠠᠭᠤᠯᠵᠠᠪᠠ᠃

ᠠᠭᠤᠯᠵᠠᠯᠲᠠ ᠪᠠᠷ ᠲᠠᠯ᠎ᠠ ᠨᠤᠭᠤᠳ ᠮᠣᠩ᠋ᠭᠣᠯ ᠤᠯᠤᠰ᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠬᠠᠷᠢᠯᠴᠠᠭ᠎ᠠ ᠢᠢ ᠥᠷᠭᠡᠨ ᠬᠦᠷᠢᠢ᠎ᠡ ᠲᠡᠢ ᠰᠠᠯᠪᠤᠷᠢ ᠲᠤ ᠥᠷᠭᠡᠵᠢᠭᠦᠯᠦᠨ ᠬᠥᠭ᠍ᠵᠢᠭᠦᠯᠬᠦ ᠠᠰᠠᠭᠤᠳᠠᠯ ᠢᠶᠠᠷ ᠰᠠᠨᠠᠯ ᠰᠤᠯᠢᠯᠴᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠤᠳᠠᠬᠤ ᠦᠭᠡᠢ ᠲᠣᠬᠢᠶᠠᠬᠤ ᠠᠷᠠᠪ ᠤᠨ ᠨᠢᠭᠡᠳᠦᠭᠰᠡᠨ ᠡᠮᠷᠢᠷᠠᠲ ᠤᠯᠤᠰ ᠪᠠᠢᠢᠭᠤᠯᠤᠭᠳᠠᠰᠤᠨ ᠤ 52 ᠵᠢᠯ ᠦᠨ ᠣᠢ ᠢᠢᠨ ᠮᠡᠨᠳᠦ ᠢᠢ ᠳᠡᠪᠰᠢᠭᠦᠯᠦᠯ᠎ᠡ᠃

ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠬᠦᠨᠡᠰᠦᠨ ᠦ ᠠᠶᠤᠯ ᠦᠭᠡᠢ ᠪᠠᠢᠢᠳᠠᠯ ᠵᠡᠷᠭᠡ ᠳᠡᠯᠡᠬᠡᠢ ᠳ᠋ᠠᠬᠢᠨ ᠳᠤ ᠲᠤᠯᠭᠠᠷᠴᠤ ᠪᠤᠢ ᠰᠣᠷᠢᠯᠲᠠ ᠢᠢ ᠳᠠᠪᠠᠨ ᠲᠤᠭᠤᠯᠬᠤ ᠳᠤ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌ ᠲᠡᠳᠦᠢ ᠦᠭᠡᠢ ᠤᠯᠤᠰ ᠪᠦᠷᠢ ᠬᠤᠪᠢ ᠨᠡᠮᠡᠷᠢ ᠪᠡᠨ ᠣᠷᠣᠭᠤᠯᠬᠤ ᠢᠢᠨ ᠠᠴᠢ ᠬᠣᠯᠪᠣᠭᠳᠠᠯ ᠢ ᠲᠡᠮᠳᠡᠭᠯᠡᠵᠦ᠂ ᠡᠳᠡᠭᠡᠷ ᠴᠢᠭᠯᠡᠯ ᠳᠥ ᠬᠣᠶᠠᠷ ᠤᠯᠤᠰ ᠤᠨ ᠰᠠᠨᠠᠭᠠᠴᠢᠯᠠᠭ᠎ᠠ᠂ ᠵᠣᠷᠢᠯᠲᠠ ᠨᠤᠭᠤᠳ ᠢ ᠤᠶᠠᠯᠳᠤᠭᠤᠯᠤᠨ ᠦᠷ᠎ᠡ ᠳ᠋ᠦᠩ ᠲᠡᠢ ᠬᠠᠮᠲᠤᠷᠠᠨ ᠠᠵᠢᠯᠯᠠᠬᠤ ᠢᠢᠨ ᠴᠢᠬᠤᠯᠠ ᠢᠢ ᠣᠨᠴᠠᠯᠠᠪᠠ᠃
ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠶᠡᠷᠦᠩᠬᠡᠢᠢᠯᠡᠭᠴᠢ ᠡᠷᠬᠢᠮ ᠳᠡᠭᠡᠳᠦ ᠱᠧᠢᠬᠥ ᠮᠤᠾᠠᠮᠮᠠᠳ᠋ ᠪᠢᠩ ᠽᠠᠢᠳ᠋ ᠠᠯᠢ-ᠨᠠᠾᠢᠶᠠᠨ ᠲᠤᠰ ᠤᠯᠤᠰ ᠤᠨ ᠬᠥᠭ᠍ᠵᠢᠯ ᠦᠨ ᠬᠥᠲᠥᠯᠪᠦᠷᠢ᠂ ᠢᠷᠡᠭᠡᠳᠦᠢ ᠢᠢᠨ ᠵᠣᠷᠢᠯᠲᠠ ᠨᠤᠭᠤᠳ ᠤᠨ ᠲᠠᠯ᠎ᠠ ᠪᠠᠷ ᠲᠠᠨᠢᠯᠴᠠᠭᠤᠯᠵᠤ᠂ ᠴᠢᠨᠠᠭᠰᠢᠳᠠ ᠮᠣᠩ᠋ᠭᠣᠯ ᠤᠯᠤᠰ ᠲᠠᠢ ᠡᠨᠡ ᠡᠳᠦᠷ ᠪᠠᠢᠢᠭᠤᠯᠵᠤ ᠪᠤᠢ ᠪᠠᠷᠢᠮᠲᠠ ᠪᠢᠴᠢᠭ᠌ ᠦᠳ ᠦᠨ ᠬᠦᠷᠢᠶᠡᠨ ᠳᠥ ᠣᠯᠠᠨ ᠰᠠᠯᠪᠤᠷᠢ ᠲᠤ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠵᠦ᠂ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠠᠨ ᠨᠢᠬᠲᠠ᠂ ᠲᠤᠭᠤᠰᠢᠲᠠᠢ ᠬᠥᠭ᠍ᠵᠢᠭᠦᠯᠬᠦ ᠡᠷᠡᠮᠡᠯᠵᠡᠯ ᠲᠡᠢ ᠪᠠᠢᠢᠭ᠎ᠠ ᠪᠠᠨ ᠢᠯᠡᠷᠬᠡᠢᠢᠯᠡᠪᠡ᠃

ᠸᠢᠽ ᠤᠨ ᠱᠠᠭᠠᠷᠳᠠᠯᠭ᠎ᠠ ᠠᠴᠠ ᠴᠢᠯᠦᠭᠡᠯᠡᠬᠦ ᠲᠤᠬᠠᠢ ᠰᠠᠨᠠᠮᠵᠢ ᠪᠢᠴᠢᠭ᠌ ᠪᠠᠢᠢᠭᠤᠯᠤᠯ᠎ᠠ

ᠬᠣᠶᠠᠷ ᠤᠯᠤᠰ ᠤᠨ ᠲᠥᠷᠥ ᠢᠢᠨ ᠲᠡᠷᠢᠭᠦᠨ ᠨᠠᠷ ᠤᠨ ᠠᠭᠤᠯᠵᠠᠯᠲᠠ ᠢᠢᠨ ᠬᠦᠷᠢᠶᠡᠨ ᠳᠥ ᠮᠣᠩ᠋ᠭᠣᠯ ᠤᠯᠤᠰ᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠬᠠᠮᠲᠤ ᠢᠢᠨ ᠠᠵᠢᠯᠯᠠᠭᠠᠨ ᠤ ᠡᠷᠬᠡ ᠵᠦᠢ ᠢᠢᠨ ᠣᠷᠴᠢᠨ ᠢ ᠪᠡᠬᠢᠵᠢᠭᠦᠯᠬᠦ ᠳᠠᠷᠠᠭᠠᠬᠢ ᠪᠠᠷᠢᠮᠲᠠ ᠪᠢᠴᠢᠭ᠌ ᠦᠳ ᠢ ᠪᠠᠢᠢᠭᠤᠯᠪᠠ᠃ ᠡᠭᠦᠨ ᠳᠥ᠄

ᠳ᠋ᠢᠫᠯᠣᠮᠠᠲ᠂ ᠠᠯᠪᠠᠨ/ᠲᠤᠰᠬᠠᠢ ᠪᠣᠯᠤᠨ ᠡᠩ ᠦᠨ ᠫᠠᠰᠫᠣᠷᠲ ᠡᠵᠡᠮᠰᠢᠭᠴᠢᠳ ᠢ ᠸᠢᠽ ᠤᠨ ᠱᠠᠭᠠᠷᠳᠠᠯᠭ᠎ᠠ ᠠᠴᠠ ᠴᠢᠯᠦᠭᠡᠯᠡᠬᠦ ᠲᠤᠬᠠᠢ ᠵᠠᠰᠠᠭ ᠤᠨ ᠭᠠᠵᠠᠷ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌;
ᠵᠠᠰᠠᠭ ᠤᠨ ᠭᠠᠵᠠᠷ ᠤᠨ ᠬᠥᠭ᠍ᠵᠢᠯ᠂ ᠰᠢᠨᠡᠴᠢᠯᠡᠯ ᠦᠨ ᠲᠠᠯ᠎ᠠ ᠪᠠᠷ ᠲᠤᠷᠰᠢᠯᠭ᠎ᠠ ᠰᠣᠯᠢᠯᠴᠠᠬᠤ ᠲᠤᠬᠠᠢ ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌;
ᠮᠣᠩ᠋ᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠭᠠᠳᠠᠭᠠᠳᠤ ᠬᠡᠷᠡᠭ ᠦᠨ ᠶᠠᠮᠤᠨ ᠬᠣᠭᠣᠷᠣᠨᠳᠣ ᠢᠢᠨ ᠬᠠᠮᠲᠤ ᠢᠢᠨ ᠠᠵᠢᠯᠯᠠᠭᠠᠨ ᠤ ᠬᠠᠮᠲᠤᠷᠠᠭᠰᠠᠨ ᠬᠣᠷᠢᠶ᠎ᠠ ᠪᠠᠢᠢᠭᠤᠯᠬᠤ ᠲᠤᠬᠠᠢ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌;
ᠮᠣᠩ᠋ᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠢᠢᠨ ᠣᠯᠠᠨ ᠤᠯᠤᠰ ᠰᠤᠳᠤᠯᠤᠯ ᠤᠨ ᠬᠦᠷᠢᠶᠡᠯᠡᠨᠭ᠌᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠡᠮᠢᠷᠠᠲ ᠤᠨ ᠪᠣᠳᠣᠯᠭ᠎ᠠ ᠢᠢᠨ ᠲᠥᠪ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌;
ᠴᠠᠬᠢᠮ ᠰᠤᠷᠭᠠᠯᠲᠠ ᠢᠢᠨ ᠰᠠᠨᠠᠭᠠᠴᠢᠯᠠᠭ᠎ᠠ ᠳᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠪᠣᠯᠪᠠᠰᠤᠷᠠᠯ ᠤᠨ ᠶᠡᠷᠦᠩᠬᠡᠢ ᠭᠠᠵᠠᠷ᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠳ᠋ᠢᠵᠢᠲ᠋ᠠᠯ᠎ ᠰᠤᠷᠭᠠᠭᠤᠯᠢ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌;
ᠮᠣᠩ᠋ᠭᠣᠯ ᠤᠨ ᠦᠨᠳᠦᠰᠦᠨ ᠦ ᠣᠯᠠᠨ ᠨᠡᠢᠢᠲᠡ ᠢᠢᠨ ᠷᠠᠳᠢᠣ᠋᠂ ᠲᠧᠯᠧᠸᠢᠽ᠂ ᠠᠪᠥᠤ ᠳ᠋ᠠᠪᠢ  ᠤᠨ ᠬᠡᠪᠯᠡᠯ᠂ ᠮᠡᠳᠡᠭᠡᠯᠡᠯ ᠦᠨ ᠭᠠᠵᠠᠷ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌᠃
ᠡᠳᠡᠭᠡᠷ ᠪᠠᠷᠢᠮᠲᠠ ᠪᠢᠴᠢᠭ᠌ ᠢ ᠪᠠᠢᠢᠭᠤᠯᠤᠭᠰᠠᠨ ᠢᠶᠠᠷ ᠬᠣᠶᠠᠷ ᠤᠯᠤᠰ ᠤᠨ ᠢᠷᠭᠡᠳ ᠬᠠᠷᠢᠯᠴᠠᠨ ᠸᠢᠽ ᠥᠭᠡᠢ ᠵᠣᠷᠴᠢᠬᠤ ᠡᠷᠬᠡ ᠵᠦᠢ ᠢᠢᠨ ᠣᠷᠴᠢᠨ ᠪᠥᠷᠢᠳᠴᠦ᠂ ᠬᠤᠳᠠᠯᠳᠤᠭ᠎ᠠ᠂ ᠡᠳ᠋ ᠍ ᠦᠨ ᠵᠠᠰᠠᠭ᠂ ᠬᠦᠨᠡᠰᠦ᠂ ᠬᠥᠳᠡᠭᠡ ᠠᠵᠤ ᠠᠬᠤᠢ᠂ ᠡᠷᠴᠢᠮ ᠬᠦᠴᠦ᠂ ᠠᠭᠤᠯᠠ ᠠᠭᠤᠷᠬᠠᠢ᠂ ᠪᠣᠯᠪᠠᠰᠤᠷᠠᠯ᠂ ᠵᠠᠮ ᠲᠡᠭᠡᠭᠡᠪᠦᠷᠢ ᠢᠢᠨ ᠰᠠᠯᠪᠤᠷᠢ ᠲᠤ ᠪᠣᠯᠤᠨ ᠴᠥᠯᠵᠢᠯᠲᠡ ᠲᠡᠢ ᠲᠡᠮᠡᠴᠡᠬᠦ ᠴᠢᠭᠯᠡᠯ ᠳᠥ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠤᠯᠠᠮ ᠥᠷᠭᠡᠵᠢᠨ ᠬᠥᠭ᠍ᠵᠢᠨ᠎ᠡ ᠭᠡᠳᠡᠭ ᠲᠥ ᠢᠲᠡᠭᠡᠯ ᠲᠡᠢ ᠪᠤᠢ ᠢᠢ ᠪᠠᠨ ᠲᠠᠯ᠎ᠠ ᠨᠤᠭᠤᠳ ᠲᠡᠮᠳᠡᠭᠯᠡᠪᠡ᠃

ᠮᠥᠨ ᠡᠨᠡ ᠬᠦᠷᠢᠶᠡᠨ ᠳᠥ ᠬᠣᠶᠠᠷ ᠲᠠᠯ᠎ᠠ ᠢᠢᠨ ᠶᠠᠷᠢᠶ᠎ᠠ ᠬᠡᠯᠡᠯᠴᠡᠭᠡᠨ ᠦ ᠮᠧᠾᠠᠨᠢᠽᠮ ᠤᠳ ᠢ ᠪᠠᠢᠢᠭᠤᠯᠵᠤ᠂ ᠬᠤᠪᠢᠶᠠᠷ ᠤᠨ ᠳᠠᠭᠠᠭᠤ ᠲᠣᠭᠲᠠᠮᠠᠯ ᠬᠤᠷᠠᠯᠳᠤᠭᠤᠯᠵᠤ ᠪᠠᠢᠢᠬᠤ ᠪᠠᠷ ᠪᠣᠯᠪᠠ᠃