ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠌ ᠠ ᠢᠢᠨ ᠬᠦᠷᠡᠯᠰᠦ᠋ᠬᠡ 《ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠲᠤᠬᠠᠢ》ᠵᠠᠷᠯᠢᠭ ᠭᠠᠷᠭᠠᠭᠰᠠᠨ ᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠲᠤ᠄
ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠭᠤᠷᠪᠠᠳᠤᠭᠠᠷ ᠵᠦᠢᠯ ᠦᠨ 1 ᠳ᠋ᠡᠬᠢ ᠬᠡᠰᠡᠭ ᠦᠨ 3 ᠳ᠋ᠠᠬᠢ ᠵᠢᠭᠠᠯᠲᠠ᠂ ᠭᠤᠴᠢᠨ ᠳᠥᠷᠪᠡᠳᠦᠭᠡᠷ ᠵᠦᠢᠯ ᠦᠨ 1 ᠳ᠋ᠡᠬᠢ ᠬᠡᠰᠡᠭ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 9 ᠳ᠋ᠤᠭᠡᠷ ᠵᠦᠢᠯ ᠦᠨ 1 ᠳ᠋ᠡᠬᠢ ᠬᠡᠰᠡᠭ᠂ 12 ᠳ᠋ᠤᠭᠠᠷ ᠵᠦᠢᠯ ᠦᠨ 12 ᠳ᠋ᠠᠬᠢ ᠬᠡᠰᠡᠭ ᠢ ᠲᠤᠰ ᠲᠤᠰ ᠦᠨᠳᠦᠰᠦᠯᠡᠨ ᠵᠠᠷᠯᠢᠭ ᠪᠤᠯᠭᠠᠬᠤ ᠨᠢ᠄
ᠨᠢᠭᠡ᠂ ᠬᠦᠮᠦᠨ ᠲᠥᠷᠥᠯᠬᠢᠲᠡᠨ ᠦ ᠰᠤᠶᠤᠯ ᠤᠨ ᠪᠡᠶᠡᠲᠦ ᠪᠤᠰᠤ ᠥᠪ᠂ ᠮᠣᠩ᠋ᠭᠣᠯ ᠦᠨᠳᠦᠰᠦᠨ ᠦ ᠪᠠᠬᠠᠷᠬᠠᠯ᠂ ᠮᠣᠩᠭ᠋ᠣᠯᠴᠤᠳ ᠤᠨ ᠲᠡᠦᠬᠡᠨ ᠣᠢ ᠰᠠᠨᠠᠮᠵᠢ᠂ ᠣᠶᠤᠨ ᠰᠡᠳᠬᠢᠯ᠂ ᠬᠦᠰᠡᠯ ᠲᠡᠮᠡᠦᠯᠥᠯ᠂ ᠬᠡᠢᠢᠮᠣᠷᠢ ᠵᠣᠯ ᠤᠨ ᠡᠭᠡᠰᠢᠭ᠌᠌᠌᠌᠌᠌᠌᠌ ᠰᠤᠳᠤᠷ ᠪᠣᠯᠤᠭᠰᠠᠨ ᠠᠷᠭ᠎ᠠ ᠪᠢᠯᠢᠭ᠌᠋᠋᠋᠋᠋᠋᠋᠋᠋᠋᠋᠋᠋᠋᠋᠋᠋᠋᠋᠋᠋᠋᠋᠋᠋᠋᠋᠋᠋᠋᠋᠋᠋᠋ ᠦᠨ ᠬᠣᠣᠰ ᠴᠢᠪᠬᠠᠳᠠᠰᠤᠲᠤ᠂ ᠠᠶ᠎ᠠ ᠬᠥᠭ᠌ ᠥ᠎ᠠ ᠢᠷᠠᠭᠤ ᠳᠠᠭᠤᠷᠢᠰᠤᠯᠲᠤ ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠠᠵᠢᠯ ᠢ ᠡᠷᠴᠢᠮᠵᠢᠭᠦᠯᠬᠦ ᠲᠠᠯ᠎ᠠ ᠪᠠᠷ ᠳᠠᠷᠠᠭᠠᠬᠢ ᠠᠷᠭ᠎ᠠ ᠬᠡᠮᠵᠢᠶ ᠡ ᠢᠢ ᠠᠪᠴᠤ ᠬᠡᠷᠡᠭᠵᠢᠭᠦᠯᠬᠦ ᠢᠢ ᠮᠣᠩ᠋ᠭᠣᠯ ᠤᠯᠤᠰ ᠤᠨ ᠵᠠᠰᠠᠭ ᠤᠨ ᠭᠠᠵᠠᠷ (ᠯᠤ᠊᠂ᠣᠶᠤᠨ-ᠡᠷᠳᠡᠨᠢ) ᠍ ᠲᠤ ᠴᠢᠭᠯᠡᠯ ᠪᠣᠯᠭᠠᠰᠤᠭᠠᠢ᠃
1.1. ᠶᠡᠷᠦᠩᠬᠡᠢ ᠪᠣᠯᠪᠠᠰᠤᠷᠠᠯ ᠤᠨ ᠰᠤᠷᠭᠠᠯᠲᠠ ᠢᠢᠨ ᠪᠠᠢᠢᠭᠤᠯᠤᠯᠭ᠎ᠠ ᠨᠤᠭᠤᠳ ᠲᠤ ᠦᠨᠳᠦᠰᠦᠨ ᠦ ᠤᠷᠠᠯᠢᠭ ᠤᠨ ᠴᠣᠭᠴᠠ ᠪᠣᠯᠪᠠᠰᠤᠷᠠᠯ ᠣᠯᠭᠤᠬᠤ ᠰᠤᠷᠭᠠᠯᠲᠠ ᠢᠢᠨ ᠣᠷᠴᠢᠨ᠂ ᠨᠥᠬᠥᠴᠡᠯ᠂ ᠰᠠᠩᠬᠦᠵᠢᠯᠲᠡ ᠢᠢ ᠪᠦᠷᠢᠳᠦᠭᠦᠯᠵᠦ᠂ ᠰᠤᠷᠭᠠᠯᠲᠠ ᠢᠢᠨ ᠬᠥᠲᠦᠯᠪᠦᠷᠢ ᠳᠥ ᠮᠣᠷᠢᠨ ᠬᠤᠭᠤᠷ ᠤᠨ ᠲᠤᠰᠬᠠᠢᠢᠯᠠᠭᠰᠠᠨ ᠬᠥᠲᠦᠯᠪᠦᠷᠢ ᠢᠢ ᠬᠡᠷᠡᠭᠵᠢᠭᠦᠯᠬᠦ᠂
1.2. ᠠᠢᠢᠮᠠᠭ᠂ ᠰᠤᠮᠤ᠂ ᠨᠡᠢᠢᠰᠯᠡᠯ᠂ ᠳᠡᠭᠦᠷᠭᠡ ᠢᠢᠨ ᠰᠣᠶᠣᠯ ᠤᠨ ᠲᠥᠪ᠂ ᠰᠣᠶᠣᠯ ᠤᠨ ᠣᠷᠳᠣᠨ ᠤ ᠥᠢᠯᠡ ᠠᠵᠢᠯᠯᠠᠭ᠋᠋ᠠᠨ ᠤ ᠴᠢᠭᠯᠡᠯ ᠳᠤ᠂ᠮᠣᠷᠢᠨ ᠬᠤᠭᠤᠷ ᠤᠨ ᠰᠤᠷᠭᠠᠯᠲᠠ ᠶᠠᠪᠤᠭᠤᠯᠬᠤ ᠠᠭᠤᠯᠭ᠋ ᠠ ᠢᠢ ᠲᠤᠰᠬᠠᠨ᠂ ᠮᠥᠷᠳᠡᠬᠥᠯᠬᠥ᠂
1.3. ᠣᠯᠠᠨ ᠤᠯᠤᠰ ᠲᠤ ᠮᠣᠷᠢᠨ ᠬᠤᠭᠤᠷ ᠢ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠴᠢᠭᠯᠡᠯ ᠳᠥ ᠲᠦᠯᠬᠢᠭᠦᠦ ᠠᠩᠬᠠᠷᠤᠨ᠂ ᠬᠢᠯᠢ ᠢᠢᠨ ᠴᠢᠨᠠᠳᠤ ᠳ᠋ᠠᠬᠢ ᠮᠣᠩ᠋ᠭᠣᠯ ᠰᠤᠷᠭᠠᠭᠤᠯᠢ᠂ ᠰᠤᠷᠭᠠᠯᠲᠠ ᠢᠢᠨ ᠲᠥᠪ ᠦᠳ ᠳᠡᠬᠢ ᠮᠣᠷᠢᠨ ᠬᠤᠭᠤᠷ ᠪᠣᠯᠤᠨ ᠦᠨᠳᠦᠰᠦᠨ ᠦ ᠤᠷᠠᠯᠢᠭ ᠤᠨ ᠰᠤᠷᠭᠠᠯᠲᠠ ᠢᠢ ᠳᠡᠮᠵᠢᠬᠦ ᠲᠤᠰᠬᠠᠢᠢᠯᠠᠭᠰᠠᠨ ᠬᠥᠲᠦᠯᠪᠦᠷᠢ ᠭᠠᠷᠭᠠᠬᠤ᠂
1.4 ᠲᠥᠷᠥ ᠢᠢᠨ ᠳᠡᠭᠡᠳᠥ᠂ ᠲᠡᠷᠢᠭᠦᠨ ᠵᠡᠷᠭᠡ ᠢᠢᠨ 《ᠴᠢᠩ᠋ᠭᠢᠰ ᠬᠠᠭᠠᠨ》 ᠣᠳᠤᠨᠳᠤ᠂ ᠮᠣᠩ᠋ᠭᠣᠯ ᠤᠯᠤᠰ ᠤᠨ ᠰᠤᠶᠤᠯ ᠤᠨ ᠡᠯᠴᠢ-ᠮᠣᠷᠢᠨ ᠬᠤᠭᠤᠷ ᠤᠨ ᠴᠢᠭᠤᠯᠭ᠎ᠠ ᠢᠢ ᠨᠠᠢᠢᠷᠠᠯ ᠬᠥᠭ᠍ᠵᠢᠮ ᠪᠣᠯᠭᠠᠨ ᠥᠷᠭᠡᠵᠢᠭᠦᠯᠵᠦ᠂ ᠬᠤᠯᠪᠤᠭᠳᠠᠬᠤ ᠲᠥᠰᠥᠪ᠂ ᠰᠠᠩᠬᠦᠦ᠂ ᠮᠠᠲ᠋ᠧᠷᠢᠶᠠᠯᠯᠢᠭ ᠪᠠᠭᠠᠵᠠ ᠢᠢ ᠪᠡᠬᠢᠵᠢᠭᠦᠯᠥᠨ ᠰᠢᠢᠳᠪᠥᠷᠢᠯᠡᠬᠥ᠂ ᠮᠡᠷᠭᠡᠵᠢᠯ ᠦᠨ ᠮᠣᠷᠢᠨ ᠬᠤᠭᠤᠷᠴᠢ ᠪᠡᠯᠡᠳᠬᠡᠬᠦ ᠲᠣᠭᠲᠠᠯᠴᠠᠭ᠎ᠠ ᠢᠢ ᠳᠡᠮᠵᠢᠬᠦ ᠳᠥ ᠠᠩᠬᠠᠷᠬᠤ᠂
1.5. ᠮᠣᠷᠢᠨ ᠬᠤᠭᠤᠷ ᠬᠥᠭ᠍ᠵᠢᠮ ᠦᠨ ᠵᠢᠮᠰᠡᠭ ᠦᠨ ᠤᠷᠠᠯᠠᠯ᠂ ᠦᠢᠯᠡᠳᠪᠦᠷᠢᠯᠡᠯ ᠢ ᠳᠡᠮᠵᠢᠨ ᠬᠥᠭ᠍ᠵᠢᠭᠦᠯᠬᠦ᠂ ᠬᠥᠭ᠍ᠵᠢᠮ ᠦᠨ ᠵᠢᠮᠰᠡᠭ ᠤᠷᠠᠯᠠᠭᠠᠴᠢᠳ ᠢ ᠪᠡᠯᠡᠳᠬᠡᠬᠦ᠂
1.6. ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ 《ᠮᠣᠷᠢᠨ ᠬᠤᠭᠤᠷ ᠤᠨ ᠣᠯᠠᠨ ᠤᠯᠤᠰ ᠤᠨ ᠨᠠᠭᠠᠳᠤᠮ》᠍ ᠢ 3 ᠵᠢᠯ ᠲᠤᠲᠤᠮ ᠵᠣᠬᠢᠶᠠᠨ ᠪᠠᠢᠢᠭᠤᠯᠬᠤ᠂
ᠬᠤᠶᠠᠷ᠂ ᠮᠤᠩ᠋ᠭᠤᠯ ᠠᠢᠢᠯ ᠡᠷᠦᠬᠡ ᠪᠦᠷᠢ ᠮᠣᠷᠢᠨ ᠬᠤᠭᠤᠷ ᠤᠨ ᠠᠶᠠᠯᠭᠤ ᠢᠢ ᠡᠭᠡᠰᠢᠭᠯᠡᠭᠦᠯᠦᠨ᠂ ᠥᠷ ᠠ ᠬᠣᠢᠢᠴᠢ ᠳᠠᠭᠠᠨ ᠥᠪᠯᠡᠭᠦᠯᠦᠨ ᠰᠤᠷᠭᠠᠵᠤ᠂ ᠦᠨᠳᠦᠰᠦᠨ ᠦ ᠤᠷᠠᠯᠢᠭ᠂ ᠮᠣᠩ᠋ᠭᠣᠯ ᠥᠪ ᠰᠤᠶᠤᠯ ᠢᠶᠠᠨ ᠲᠦᠭᠡᠭᠡᠨ ᠳᠡᠯᠭᠡᠷᠡᠭᠦᠯᠬᠦ ᠳᠥ ᠬᠤᠪᠢ ᠨᠡᠮᠡᠷᠢ ᠪᠡᠨ ᠣᠷᠣᠭᠤᠯᠬᠤ ᠢᠢ ᠨᠡᠢᠢᠲᠡ ᠠᠷᠠᠳ ᠢᠷᠭᠡᠳ ᠲᠥ ᠤᠷᠢᠶᠠᠯᠠᠰᠤᠭᠠᠢ᠃
ᠭᠤᠷᠪᠠ᠂ ᠡᠨᠡᠬᠦ ᠵᠠᠷᠯᠢᠭ ᠤᠨ ᠬᠡᠷᠡᠭᠵᠢᠯᠲᠡ ᠢᠢᠨ ᠶᠠᠪᠤᠴᠠ ᠢᠢ ᠣᠯᠠᠨ ᠨᠡᠢᠢᠲᠡ ᠳᠥ ᠲᠤᠬᠠᠢ ᠪᠦᠷᠢ ᠮᠡᠳᠡᠭᠡᠯᠡᠵᠦ᠂ ᠲᠠᠢᠢᠯᠤᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠵᠢᠯ ᠪᠦᠷᠢ ᠢᠷᠡᠭᠦᠯᠵᠦ ᠪᠠᠢᠢᠬᠤ ᠢᠢ ᠮᠣᠩ᠋ᠭᠣᠯ ᠤᠯᠤᠰ ᠤᠨ ᠵᠠᠰᠠᠭ ᠤᠨ ᠭᠠᠵᠠᠷ (ᠯᠤ᠊᠂ ᠣᠶᠤᠨ-ᠡᠷᠳᠡᠨᠢ) ᠍ ᠲᠤ ᠴᠢᠭᠯᠡᠯ ᠪᠣᠯᠭᠠᠰᠤᠭᠠᠢ》 ᠭᠡᠵᠡᠢ᠃