ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠌ ᠠ ᠢᠢᠨ ᠬᠦᠷᠡᠯᠰᠦ᠋ᠬᠡ ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠲᠠᠯ᠎ᠠ ᠪᠠᠷ ᠮᠣᠩ᠋ᠭᠣᠯ ᠤᠯᠤᠰ ᠤᠨ ᠵᠠᠰᠠᠭ ᠤᠨ ᠭᠠᠵᠠᠷ ᠲᠤ ᠴᠢᠭᠯᠡᠯ ᠪᠣᠯᠭᠠᠭᠰᠠᠨ ᠵᠠᠷᠯᠢᠭ ᠭᠠᠷᠭᠠᠯ᠎ᠠ᠃
ᠬᠦᠮᠦᠨ ᠲᠥᠷᠥᠯᠬᠢᠲᠡᠨ ᠦ ᠰᠤᠶᠤᠯ ᠤᠨ ᠪᠡᠶᠡᠲᠦ ᠪᠤᠰᠤ ᠥᠪ᠂ ᠮᠣᠩ᠋ᠭᠣᠯ ᠦᠨᠳᠦᠰᠦᠨ ᠦ ᠪᠠᠬᠠᠷᠬᠠᠯ᠂ ᠮᠣᠩᠭ᠋ᠣᠯᠴᠤᠳ ᠤᠨ ᠲᠡᠦᠬᠡᠨ ᠣᠢ ᠰᠠᠨᠠᠮᠵᠢ᠂ ᠣᠶᠤᠨ ᠰᠡᠳᠬᠢᠯ᠂ ᠬᠦᠰᠡᠯ ᠲᠡᠮᠡᠦᠯᠥᠯ᠂ ᠬᠡᠢᠢᠮᠣᠷᠢ ᠵᠣᠯ ᠤᠨ ᠡᠭᠡᠰᠢᠭ᠌᠌᠌᠌᠌᠌᠌᠌ ᠰᠤᠳᠤᠷ ᠪᠣᠯᠤᠭᠰᠠᠨ ᠠᠷᠭ᠎ᠠ ᠪᠢᠯᠢᠭ᠌᠋᠋᠋᠋᠋᠋᠋᠋᠋᠋᠋᠋᠋᠋᠋᠋᠋᠋᠋᠋᠋᠋᠋᠋᠋᠋᠋᠋᠋᠋᠋᠋᠋᠋ ᠦᠨ ᠬᠣᠣᠰ ᠴᠢᠪᠬᠠᠳᠠᠰᠤᠲᠤ᠂ ᠠᠶ᠎ᠠ ᠬᠥᠭ᠌ ᠥ᠎ᠠ ᠢᠷᠠᠭᠤ ᠳᠠᠭᠤᠷᠢᠰᠤᠯᠲᠤ ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠠᠵᠢᠯ ᠢᠶᠠᠨ ᠡᠷᠴᠢᠮᠵᠢᠭᠦᠯᠬᠦ ᠢᠢ ᠴᠢᠭᠯᠡᠯ ᠪᠣᠯᠭᠠᠪᠠ᠃
ᠡᠨᠠ ᠬᠥᠷᠢᠶᠡᠨ ᠳᠥ᠄
- ᠶᠡᠷᠦᠩᠬᠡᠢ ᠪᠣᠯᠪᠠᠰᠤᠷᠠᠯ ᠤᠨ ᠰᠤᠷᠭᠠᠯᠲᠠ ᠢᠢᠨ ᠪᠠᠢᠢᠭᠤᠯᠤᠯᠭ᠎ᠠ ᠨᠤᠭᠤᠳ ᠲᠤ ᠦᠨᠳᠦᠰᠦᠨ ᠦ ᠤᠷᠠᠯᠢᠭ ᠤᠨ ᠴᠣᠭᠴᠠ ᠪᠣᠯᠪᠠᠰᠤᠷᠠᠯ ᠣᠯᠭᠤᠬᠤ ᠰᠤᠷᠭᠠᠯᠲᠠ ᠢᠢᠨ ᠣᠷᠴᠢᠨ᠂ ᠨᠥᠬᠥᠴᠡᠯ᠂ ᠰᠠᠩᠬᠦᠵᠢᠯᠲᠡ ᠪᠦᠷᠢᠳᠦᠭᠦᠯᠵᠦ᠂ ᠰᠤᠷᠭᠠᠯᠲᠠ ᠢᠢᠨ ᠬᠥᠲᠦᠯᠪᠦᠷᠢ ᠳᠥ ᠮᠣᠷᠢᠨ ᠬᠤᠭᠤᠷ ᠤᠨ ᠲᠤᠰᠬᠠᠢᠢᠯᠠᠭᠰᠠᠨ ᠬᠥᠲᠦᠯᠪᠦᠷᠢ ᠬᠡᠷᠡᠭᠵᠢᠭᠦᠯᠬᠦ᠂
- ᠠᠢᠢᠮᠠᠭ᠂ ᠰᠤᠮᠤ᠂ ᠨᠡᠢᠢᠰᠯᠡᠯ᠂ ᠳᠡᠭᠦᠷᠭᠡ ᠢᠢᠨ ᠰᠣᠶᠣᠯ ᠤᠨ ᠲᠥᠪ᠂ ᠰᠣᠶᠣᠯ ᠤᠨ ᠣᠷᠳᠣᠨ ᠳᠤ ᠮᠣᠷᠢᠨ ᠬᠤᠭᠤᠷ ᠤᠨ ᠰᠤᠷᠭᠠᠯᠲᠠ ᠶᠠᠪᠤᠭᠤᠯᠬᠤ᠂
- ᠣᠯᠠᠨ ᠤᠯᠤᠰ ᠲᠤ ᠮᠣᠷᠢᠨ ᠬᠤᠭᠤᠷ ᠢᠶᠠᠨ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠳᠥ ᠲᠦᠯᠬᠢᠭᠦᠦ ᠠᠩᠬᠠᠷᠤᠨ᠂ ᠬᠢᠯᠢ ᠢᠢᠨ ᠴᠢᠨᠠᠳᠤ ᠳ᠋ᠠᠬᠢ ᠮᠣᠩ᠋ᠭᠣᠯ ᠰᠤᠷᠭᠠᠭᠤᠯᠢ᠂ ᠰᠤᠷᠭᠠᠯᠲᠠ ᠢᠢᠨ ᠲᠥᠪ ᠦᠳ ᠲᠥ ᠮᠣᠷᠢᠨ ᠬᠤᠭᠤᠷ ᠪᠣᠯᠤᠨ ᠦᠨᠳᠦᠰᠦᠨ ᠦ ᠤᠷᠠᠯᠢᠭ ᠤᠨ ᠰᠤᠷᠭᠠᠯᠲᠠ ᠢᠢ ᠳᠡᠮᠵᠢᠬᠦ ᠲᠤᠰᠬᠠᠢᠢᠯᠠᠭᠰᠠᠨ ᠬᠥᠲᠦᠯᠪᠦᠷᠢ ᠭᠠᠷᠭᠠᠬᠤ᠂
- ᠲᠡᠷᠢᠭᠦᠨ ᠵᠡᠷᠭᠡ ᠢᠢᠨ 《ᠴᠢᠩ᠋ᠭᠢᠰ ᠬᠠᠭᠠᠨ》 ᠣᠳᠤᠨᠳᠤ᠂ ᠮᠣᠩ᠋ᠭᠣᠯ ᠤᠯᠤᠰ ᠤᠨ ᠰᠤᠶᠤᠯ ᠤᠨ ᠡᠯᠴᠢ-ᠮᠣᠷᠢᠨ ᠬᠤᠭᠤᠷ ᠤᠨ ᠴᠢᠭᠤᠯᠭ᠎ᠠ ᠢᠢ ᠨᠠᠢᠢᠷᠠᠯ ᠬᠥᠭ᠍ᠵᠢᠮ ᠪᠣᠯᠭᠠᠨ ᠥᠷᠭᠡᠵᠢᠭᠦᠯᠵᠦ᠂ ᠲᠥᠰᠥᠪ᠂ ᠰᠠᠩᠬᠦᠦ᠂ ᠮᠠᠲ᠋ᠧᠷᠢᠶᠠᠯᠯᠢᠭ ᠪᠠᠭᠠᠵᠠ ᠢᠢ ᠨᠢ ᠪᠡᠬᠢᠵᠢᠭᠦᠯᠬᠦ᠂ ᠮᠡᠷᠭᠡᠵᠢᠯ ᠦᠨ ᠮᠣᠷᠢᠨ ᠬᠤᠭᠤᠷᠴᠢ ᠪᠡᠯᠡᠳᠬᠡᠬᠦ ᠲᠣᠭᠲᠠᠯᠴᠠᠭ᠎ᠠ ᠢᠢ ᠳᠡᠮᠵᠢᠬᠦ᠂
- ᠮᠣᠷᠢᠨ ᠬᠤᠭᠤᠷ ᠬᠥᠭ᠍ᠵᠢᠮ ᠦᠨ ᠵᠢᠮᠰᠡᠭ ᠦᠨ ᠤᠷᠠᠯᠠᠯ᠂ ᠦᠢᠯᠡᠳᠪᠦᠷᠢᠯᠡᠯ ᠢ ᠳᠡᠮᠵᠢᠨ ᠬᠥᠭ᠍ᠵᠢᠭᠦᠯᠬᠦ᠂ ᠬᠥᠭ᠍ᠵᠢᠮ ᠦᠨ ᠵᠢᠮᠰᠡᠭ ᠤᠷᠠᠯᠠᠭᠠᠴᠢᠳ ᠢ ᠪᠡᠯᠡᠳᠬᠡᠬᠦ᠂
- ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ 《ᠮᠣᠷᠢᠨ ᠬᠤᠭᠤᠷ ᠤᠨ ᠣᠯᠠᠨ ᠤᠯᠤᠰ ᠤᠨ ᠨᠠᠭᠠᠳᠤᠮ》᠍ ᠢ ᠭᠤᠷᠪᠠᠨ ᠵᠢᠯ ᠲᠤᠲᠤᠮ ᠵᠣᠬᠢᠶᠠᠨ ᠪᠠᠢᠢᠭᠤᠯᠬᠤ ᠢᠢ ᠴᠢᠭᠯᠡᠯ ᠪᠣᠯᠭᠠᠯ᠎ᠠ᠃
ᠠᠢᠢᠯ ᠡᠷᠦᠬᠡ ᠪᠦᠷᠢ ᠮᠣᠷᠢᠨ ᠬᠤᠭᠤᠷ ᠤᠨ ᠠᠶᠠᠯᠭᠤ ᠢᠢ ᠡᠭᠡᠰᠢᠭᠯᠡᠭᠦᠯᠦᠨ᠂ ᠥᠷ ᠠ ᠬᠣᠢᠢᠴᠢ ᠳᠠᠭᠠᠨ ᠥᠪᠯᠡᠭᠦᠯᠦᠨ ᠰᠤᠷᠭᠠᠵᠤ᠂ ᠦᠨᠳᠦᠰᠦᠨ ᠦ ᠤᠷᠠᠯᠢᠭ᠂ ᠮᠣᠩ᠋ᠭᠣᠯ ᠥᠪ ᠰᠤᠶᠤᠯ ᠢᠶᠠᠨ ᠲᠦᠭᠡᠭᠡᠨ ᠳᠡᠯᠭᠡᠷᠡᠭᠦᠯᠬᠦ ᠳᠥ ᠬᠤᠪᠢ ᠨᠡᠮᠡᠷᠢ ᠪᠡᠨ ᠣᠷᠣᠭᠤᠯᠬᠤ ᠢᠢ ᠨᠡᠢᠢᠲᠡ ᠢᠷᠭᠡᠳ ᠲᠥ ᠤᠷᠢᠶᠠᠯᠠᠯ᠎ᠠ᠃
ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠲᠤᠬᠠᠢ ᠵᠠᠷᠯᠢᠭ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠᠩ᠋ᠭᠥ᠋ᠭ᠌ ᠥᠨ ᠰᠣᠳᠥᠪᠠᠭᠠᠲᠤᠷ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠲᠤ ᠭᠠᠷ ᠤᠨ ᠦᠰᠦᠭ ᠵᠢᠷᠤᠵᠤ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠯᠤᠪᠰᠠᠩᠨᠠᠮᠰᠠᠷᠠᠢ ᠢᠢᠨ ᠣᠶᠤᠨ-ᠡᠷᠳᠡᠨᠢ ᠳᠥ ᠭᠠᠷᠳᠠᠭᠤᠯᠵᠤ ᠥᠭ᠍ᠪᠡ᠃
ᠳᠠᠷᠠᠭ᠎ᠠ ᠨᠢ 《ᠮᠢᠨᠦ ᠪᠡᠯᠡᠭ》 ᠮᠣᠷᠢᠨ ᠬᠤᠭᠤᠷ ᠤᠨ ᠰᠤᠷᠭᠠᠯᠲᠠ ᠢᠢᠨ ᠲᠥᠪ ᠦᠨ ᠰᠤᠷᠤᠭᠴᠢ ᠬᠡᠦᠬᠡᠳ ᠦᠳ ᠬᠥᠭ᠍ᠵᠢᠮ ᠦᠨ ᠵᠣᠬᠢᠶᠠᠯᠴᠢ ᠴᠡ᠊᠂ᠰᠦᠬᠡᠪᠠᠭᠠᠲᠤᠷ ᠤᠨ 《ᠡᠭᠦᠯᠡᠨ ᠪᠣᠷᠣ》 ᠪᠦᠲᠦᠭᠡᠯ ᠢ ᠲᠣᠭᠯᠠᠪᠠ᠃
1992 ᠣᠨ ᠳᠤ ᠲᠥᠷᠦ᠂ ᠵᠠᠰᠠᠭ ᠤᠨ ᠪᠣᠳᠣᠯᠭ᠎ᠠ᠂ ᠲᠦᠮᠡᠨ ᠣᠯᠠᠨ ᠤ ᠳᠡᠮᠵᠢᠯᠭᠡ᠂ ᠲᠥᠷᠦ ᠢᠢᠨ ᠲᠡᠷᠢᠭᠦᠨ ᠦ ᠰᠢᠢᠳᠪᠦᠷᠢ ᠪᠡᠷ ᠲᠥᠷᠦ ᠢᠢᠨ ᠬᠠᠨ ᠬᠤᠭᠤᠷ ᠢ ᠪᠦᠲᠦᠭᠡᠨ ᠵᠠᠯᠠᠵᠤ᠂ ᠵᠠᠰᠠᠭ ᠤᠨ ᠭᠠᠵᠠᠷ ᠤᠨ ᠲᠣᠭᠲᠠᠭᠠᠯ ᠢᠶᠠᠷ ᠮᠣᠷᠢᠨ ᠬᠤᠭᠤᠷ ᠤᠨ ᠴᠢᠭᠤᠯᠭ᠎ᠠ ᠪᠠᠢᠢᠭᠤᠯᠵᠤ᠂ ᠤᠯᠠᠮ ᠢᠶᠠᠷ 2002 ᠣᠨ ᠳᠤ ᠮᠣᠷᠢᠨ ᠬᠤᠭᠤᠷ ᠢᠶᠠᠨ ᠳᠡᠭᠡᠳᠦᠯᠡᠨ᠂ ᠳᠡᠯᠭᠡᠷᠡᠭᠦᠯᠬᠦ ᠶᠡᠷᠦᠩᠬᠡᠢᠢᠯᠡᠭᠴᠢ ᠢᠢᠨ ᠵᠠᠷᠯᠢᠭ ᠭᠠᠷᠴᠤ ᠪᠠᠢᠢᠭᠰᠠᠨ ᠲᠡᠦᠬᠡ ᠲᠡᠢ᠃
2023 ᠣᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠯᠤᠰ ᠤᠨ ᠹᠢᠯᠠᠷᠮᠤᠨ ᠤ ᠮᠣᠷᠢᠨ ᠬᠤᠭᠤᠷ ᠤᠨ ᠴᠢᠭᠤᠯᠭ᠎ᠠ ᠢᠢ ᠦᠨᠳᠦᠰᠦᠨ ᠦ ᠬᠥᠭ᠍ᠵᠢᠮ ᠮᠣᠷᠢᠨ ᠬᠤᠭᠤᠷ ᠢᠶᠠᠨ ᠰᠡᠷᠭᠦᠭᠡᠨ ᠬᠥᠭ᠍ᠵᠢᠭᠦᠯᠬᠦ᠂ ᠳᠡᠭᠡᠳᠦᠯᠡᠨ ᠳᠡᠯᠭᠡᠷᠡᠭᠦᠯᠬᠦ᠂ ᠮᠣᠩ᠋ᠭᠣᠯ ᠲᠦᠮᠡᠨ ᠦ ᠪᠡᠨ ᠦᠨᠳᠦᠰᠦᠨ ᠦ ᠪᠠᠬᠠᠷᠬᠠᠯ᠂ ᠰᠣᠶᠣᠯ ᠰᠡᠳᠬᠢᠯᠭᠡ ᠢᠢ ᠥᠷᠭᠡᠵᠢᠭᠦᠯᠦᠨ ᠪᠠᠶᠠᠵᠢᠭᠤᠯᠬᠤ᠂ ᠳᠡᠯᠡᠬᠡᠢ ᠨᠡᠢᠢᠲᠡ ᠳᠥ ᠰᠤᠷᠲᠠᠯᠴᠢᠯᠠᠨ ᠲᠠᠨᠢᠭᠤᠯᠬᠤ ᠦᠢᠯᠡᠰ ᠲᠥ ᠣᠷᠣᠭᠤᠯᠤᠭᠰᠠᠨ ᠣᠨᠴᠤᠭᠤᠢ ᠬᠤᠪᠢ ᠨᠡᠮᠡᠷᠢ ᠢᠢ ᠨᠢ ᠦᠨᠡᠯᠡᠵᠦ᠂ ᠲᠡᠷᠢᠭᠦᠨ ᠵᠡᠷᠭᠡ ᠢᠢᠨ 《ᠴᠢᠩ᠋ᠭᠢᠰ ᠬᠠᠭᠠᠨ》 ᠣᠳᠣᠨ ᠢᠶᠠᠷ ᠱᠠᠩᠨᠠᠭᠰᠠᠨ ᠶᠤᠮ᠃