ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠬᠦᠷᠦᠯᠴᠡᠨ ᠢᠷᠡᠭᠰᠡᠨ ᠬᠣ᠊᠂ ᠪᠦ᠊᠂ ᠨᠠᠢᠢ᠊᠂ ᠭᠧ᠊᠂ ᠤᠯᠤᠰ ᠤᠨ ᠶᠡᠷᠦᠩᠬᠡᠢᠢᠯᠡᠭᠴᠢ ᠹᠷᠠᠨ᠋ᠻ-ᠸᠠᠯᠲ᠋ᠸᠷ ᠰᠲ᠋ᠸᠢᠢᠨ᠋ᠮᠸᠶᠸᠷ (Frank-Walter Steinmeier) ᠤᠨ ᠲᠥᠷᠥ ᠢᠢᠨ ᠠᠢᠢᠯᠴᠢᠯᠠᠯ ᠥᠨᠳᠥᠷᠯᠡᠯ᠎ᠡ᠃
ᠠᠢᠢᠯᠴᠢᠯᠠᠯ ᠤᠨ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠬᠣ᠊᠂ ᠪᠦ᠊᠂ ᠨᠠᠢᠢ᠊᠂ ᠭᠧ᠊᠂ ᠤᠯᠤᠰ ᠤᠨ ᠶᠡᠷᠦᠩᠬᠡᠢᠢᠯᠡᠭᠴᠢ ᠹ᠊∙ ᠸᠠ᠊᠂ ᠰᠲ᠋ᠸᠢᠢᠨ᠋ᠮᠸᠶᠸᠷ ᠨᠠᠷ ᠠᠯᠪᠠᠨ ᠶᠣᠰᠣᠨ ᠤ ᠠᠭᠤᠯᠵᠠᠯᠲᠠ ᠬᠢᠵᠦ᠂ ᠦᠷ᠎ᠡ ᠳ᠋ᠦᠩ ᠦᠨ ᠲᠠᠯ᠎ᠠ ᠪᠠᠷ ᠮᠡᠳᠡᠭᠡᠯᠡᠯ ᠦᠭ᠍ᠪᠡ᠃
ᠬᠣ᠊᠂ ᠪᠦ᠊᠂ ᠨᠠᠢᠢ᠊᠂ ᠭᠧ᠊᠂ ᠤᠯᠤᠰ ᠤᠨ ᠶᠡᠷᠦᠩᠬᠡᠢᠢᠯᠡᠭᠴᠢ ᠹ᠊∙ ᠸᠠ᠊᠂ ᠰᠲ᠋ᠸᠢᠢᠨ᠋ᠮᠸᠶᠸᠷ ᠲᠥ ᠤᠯᠤᠰ ᠤᠨ ᠶᠡᠬᠡ ᠬᠤᠷᠠᠯ ᠤᠨ ᠳᠠᠷᠤᠭ᠎ᠠ ᠭᠤ᠊᠂ ᠽᠠᠨᠳᠠᠨᠰᠢᠲᠠᠷ ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠯᠤ᠊᠂ ᠣᠶᠤᠨ-ᠡᠷᠳᠡᠨᠢ ᠨᠠᠷ ᠪᠠᠷᠠᠭᠠᠯᠬᠠᠯ ᠠ᠃
ᠮᠣᠩ᠋ᠭᠣᠯ ᠤᠯᠤᠰ᠂ ᠬᠣ᠊᠂ ᠪᠦ᠊᠂ ᠨᠠᠢᠢ᠊᠂ ᠭᠧ᠊᠂ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠢᠢᠨ ᠬᠦᠷᠢᠶᠡᠨ ᠳᠥ ᠪᠣᠯᠤᠭᠰᠠᠨ ᠲᠥᠷᠦ ᠢᠢᠨ ᠠᠢᠢᠯᠴᠢᠯᠠᠯ ᠤᠨ ᠦᠶ᠎ᠡ ᠪᠡᠷ ᠨᠡᠢᠢᠲᠡᠯᠢᠭ ᠦᠨᠡᠲᠦ ᠵᠦᠢᠯ ᠳᠥ ᠰᠠᠭᠤᠷᠢᠯᠠᠭᠰᠠᠨ ᠮᠣᠩ᠋ᠭᠣᠯ᠂ ᠭᠧᠷᠮᠠᠨ ᠤ ᠬᠠᠷᠢᠯᠴᠠᠭ᠎ᠠ ᠢᠢ ᠠᠬᠢᠭᠤᠯᠵᠤ᠂ ᠰᠲ᠋ᠷᠠᠲ᠋ᠧᠭᠢ ᠢᠢᠨ ᠲᠦᠩᠰᠢᠯᠡᠯ ᠦᠨ ᠲᠦᠪᠰᠢᠨ ᠳᠥ ᠬᠦᠷᠭᠡᠨ᠂ ᠬᠠᠮᠲᠤᠷᠠᠭᠰᠠᠨ ᠲᠤᠩᠬᠠᠭᠯᠠᠯ ᠳᠤ ᠭᠠᠷ ᠤᠨ ᠦᠰᠦᠭ ᠵᠢᠷᠤᠭᠰᠠᠨ ᠨᠢ ᠬᠠᠷᠢᠯᠴᠠᠭ᠎ᠠ ᠢᠢ ᠪᠦᠬᠦ ᠰᠠᠯᠪᠤᠷᠢ ᠳᠤ ᠭᠦᠨᠵᠡᠭᠡᠢᠢᠷᠡᠭᠦᠯᠬᠦ ᠲᠡᠦᠬᠡᠨ ᠠᠴᠢ ᠬᠣᠯᠪᠣᠭᠳᠠᠯᠲᠠᠢ ᠪᠣᠯᠤᠯ᠎ᠠ᠃
ᠲᠥᠷᠦ ᠢᠢᠨ ᠠᠢᠢᠯᠴᠢᠯᠠᠯ ᠤᠨ ᠦᠶ᠎ᠡ ᠪᠡᠷ ᠲᠠᠯ᠎ᠠ ᠨᠤᠭᠤᠳ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠲᠡᠢ ᠬᠣᠯᠪᠣᠭᠠᠲᠠᠢ ᠪᠠᠷᠢᠮᠲᠠ ᠪᠢᠴᠢᠭ᠌ ᠦᠳ ᠲᠥ ᠭᠠᠷ ᠤᠨ ᠦᠰᠦᠭ ᠵᠢᠷᠤᠪᠠ᠃
ᠶᠡᠷᠦᠩᠬᠡᠢᠢᠯᠡᠭᠴᠢ ᠹ᠊∙ ᠸᠠ᠊᠂ ᠰᠲ᠋ᠸᠢᠢᠨ᠋ᠮᠸᠶᠸᠷ ᠂ ᠭᠡᠷᠭᠡᠢ ᠧᠯᠻᠸ ᠪᠥᠳ᠋ᠸᠨ᠋ᠪᠸᠨ᠋ᠳ᠋ᠸᠷ (Elke Büdenbender) ᠨᠠᠷ ᠮᠣᠩ᠋ᠭᠣᠯ- ᠭᠧᠷᠮᠠᠨ ᠤ ᠬᠠᠮᠲᠤᠷᠠᠭᠰᠠᠨ 38 ᠳ᠋ᠤᠭᠠᠷ ᠰᠤᠷᠭᠠᠭᠤᠯᠢ᠂ 147 ᠳ᠋ᠤᠭᠠᠷ ᠴᠡᠴᠡᠷᠯᠢᠭ᠂ 《ᠴᠢᠩ᠋ᠭᠢᠰ ᠬᠠᠭᠠᠨ》 ᠦᠨᠳᠦᠰᠦᠨ ᠦ ᠮᠦᠽᠧᠢ᠂ 《ᠮᠥᠩᠬᠡ》 ᠬᠢ᠊᠂ ᠬᠠ᠊᠂ ᠻᠥ᠂ ᠪᠣᠯᠤᠨ ᠮᠠᠯᠴᠢᠨ ᠠᠢᠢᠯ ᠳᠤ ᠵᠣᠴᠢᠯᠠᠯ᠎ᠠ᠃
ᠶᠡᠷᠦᠩᠬᠡᠢᠢᠯᠡᠭᠴᠢ ᠹ᠊∙ ᠸᠠ᠊᠂ ᠰᠲ᠋ᠸᠢᠢᠨ᠋ᠮᠸᠶᠸᠷ ᠂ ᠭᠡᠷᠭᠡᠢ ᠧᠯᠻᠸ ᠪᠥᠳ᠋ᠸᠨ᠋ᠪᠸᠨ᠋ᠳ᠋ᠸᠷ ᠨᠠᠷ ᠢ 《ᠴᠢᠩ᠋ᠭᠢᠰ ᠬᠠᠭᠠᠨ》 ᠣᠯᠠᠨ ᠤᠯᠤᠰ ᠤᠨ ᠨᠢᠰᠬᠦ ᠪᠠᠭᠤᠳᠠᠯ ᠳᠤ ᠭᠠᠳᠠᠭᠠᠳᠤ ᠬᠠᠷᠢᠯᠴᠠᠭᠠᠨ ᠤ ᠰᠠᠢᠢᠳ ᠪᠠ᠊᠂ ᠪᠠᠲᠤᠴᠡᠴᠡᠭ᠌᠂ ᠬᠣ᠊᠂ ᠪᠦ᠊᠂ ᠨᠠᠢᠢ᠊᠂ ᠭᠧ᠊᠂ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠾᠸᠯᠮᠥ᠋ᠲ᠋ ᠻᠥᠯᠢᠲ᠋ᠴ᠋ (Helmut Kulitz) ᠪᠣᠯᠤᠨ ᠠᠯᠪᠠᠨ ᠤ ᠪᠤᠰᠤᠳ ᠬᠦᠮᠦᠨ ᠦᠳᠡᠯ ᠡ᠃