Та "Internet explorer"-ийн сүүлийн хувилбар болох "Microsoft edge"-г ашиглана уу

Хэрэв "Microsoft edge"-г татах бол энд дарж татаж авна уу

ᠳ᠋ᠣᠻᠲ᠋ᠣᠷ᠂ ᠠᠻᠠᠳᠧᠮᠢᠴᠢ ᠷᠢᠨᠴᠢᠨ ᠦ ᠪᠠᠷᠰᠪᠣᠯᠤᠳ ᠲᠤ ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠪᠡ

XVII ᠵᠢᠷᠠᠨ ᠤ 《ᠬᠢᠯᠢᠩᠲᠦ ᠡᠬᠡ》 ᠬᠡᠮᠡᠬᠦ ᠮᠣᠳᠣᠨ ᠯᠤᠤ ᠵᠢᠯ ᠦᠨ ᠴᠠᠭᠠᠨ ᠰᠠᠷ᠎ᠠ ᠢᠢᠨ ᠪᠠᠶᠠᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠵᠤ᠂ ᠨᠡᠷ᠎ᠡ ᠪᠦᠬᠦᠢ ᠬᠦᠮᠦᠰ ᠲᠥ ᠲᠥᠷᠥ ᠢᠢᠨ ᠳᠡᠭᠡᠳᠦ ᠴᠣᠯᠠ ᠣᠯᠭᠤᠵᠤ᠂ ᠣᠳᠣᠨ᠂ ᠮᠧᠳᠠᠯᠢ ᠭᠠᠷᠳᠠᠭᠤᠯᠤᠯ᠎ᠠ᠃

ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠢᠢ᠄

ᠡᠬᠡ ᠣᠷᠣᠨ ᠳᠠᠭᠠᠨ ᠫᠠᠯᠧᠣᠨ᠋ᠲ᠋ᠣᠯᠣᠭᠢ ᠢᠢᠨ ᠡᠷᠳᠡᠮ ᠰᠤᠳᠤᠯᠤᠯ ᠤᠨ ᠰᠠᠭᠤᠷᠢ ᠢᠢ ᠲᠠᠯᠪᠢᠵᠤ᠂ ᠬᠥᠭ᠍ᠵᠢᠭᠦᠯᠬᠦ ᠦᠢᠯᠡᠰ ᠲᠥ ᠡᠷᠳᠡᠮ ᠮᠡᠳᠡᠯᠭᠡ᠂ ᠠᠪᠢᠶᠠᠰ ᠴᠢᠳᠠᠪᠤᠷᠢ ᠪᠠᠨ ᠵᠣᠷᠢᠭᠤᠯᠤᠨ᠂ ᠦᠯᠦᠭ ᠭᠦᠷᠪᠡᠯ ᠦᠨ ᠰᠤᠳᠤᠯᠭᠠᠨ ᠤ ᠠᠵᠢᠯ ᠢ ᠲᠡᠷᠢᠭᠦᠯᠡᠨ ᠠᠵᠢᠯᠯᠠᠵᠤ᠂ ᠰᠢᠨᠵᠢᠯᠡᠬᠦ ᠤᠬᠠᠭᠠᠨ ᠤ ᠣᠯᠠᠨ ᠠᠷᠪᠠᠨ ᠥᠭᠦᠯᠡᠯ᠂ ᠨᠡᠢᠢᠲᠡᠯᠡᠯ ᠲᠤᠭᠤᠷᠪᠢᠵᠤ᠂ ᠭᠧᠣᠯᠣᠭᠢ᠂ ᠠᠰᠢᠭᠲᠤ ᠮᠠᠯᠲᠠᠮᠠᠯ ᠤᠨ ᠰᠠᠯᠪᠤᠷᠢ ᠢᠢ ᠣᠯᠠᠨ ᠤᠯᠤᠰ ᠲᠤ ᠲᠠᠨᠢᠭᠤᠯᠬᠤ ᠳᠤ ᠣᠷᠣᠭᠤᠯᠤᠭᠰᠠᠨ ᠬᠤᠪᠢ ᠨᠡᠮᠡᠷᠢ ᠢᠢ ᠨᠢ ᠦᠨᠡᠯᠡᠨ ᠰᠢᠨᠵᠢᠯᠡᠬᠦ ᠤᠬᠠᠭᠠᠨ ᠤ ᠠᠻᠠᠳᠧᠮᠢ ᠢᠢᠨ ᠫᠠᠯᠧᠣᠨ᠋ᠲ᠋ᠣᠯᠣᠭᠢ ᠢᠢᠨ ᠬᠦᠷᠢᠶᠡᠯᠡᠩ ᠦᠨ ᠵᠥᠪᠯᠡᠬᠦ᠂ ᠲᠥᠷᠥ ᠢᠢᠨ ᠱᠠᠩᠨᠠᠯᠲᠤ᠂ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠳ᠋ᠣᠻᠲ᠋ᠣᠷ᠂ ᠠᠻᠠᠳᠧᠮᠢᠴᠢ ᠷᠢᠨᠴᠢᠨ ᠦ ᠪᠠᠷᠰᠪᠣᠯᠤᠳ ᠲᠤ ᠬᠦᠷᠲᠡᠭᠡᠵᠦ᠂ 《ᠠᠯᠲᠠᠨ ᠰᠣᠶᠣᠩᠪᠣ》 ᠲᠡᠮᠳᠡᠭ᠂ ᠰᠦᠬᠡᠪᠠᠭᠠᠲᠤᠷ ᠤᠨ ᠣᠳᠣᠨ ᠢᠶᠠᠷ ᠱᠠᠩᠨᠠᠯ᠎ᠠ᠃

ᠠᠷᠠᠳ ᠤᠨ ᠡᠮᠴᠢ ᠴᠣᠯᠠ ᠪᠡᠷ᠄

ᠳᠦᠷᠰᠦ ᠣᠨᠣᠰᠢᠯᠠᠭ᠎ᠠ ᠰᠤᠳᠤᠯᠤᠯ ᠤᠨ ᠰᠠᠯᠪᠤᠷᠢ ᠢᠢ ᠬᠥᠭ᠍ᠵᠢᠭᠦᠯᠬᠦ ᠳᠥ ᠮᠡᠷᠭᠡᠵᠢᠯ ᠦᠨ ᠤᠷ᠎ᠠ ᠴᠢᠳᠠᠪᠤᠷᠢ ᠪᠠᠨ ᠳᠠᠢᠢᠴᠢᠯᠠᠨ᠂ ᠡᠷᠳᠡᠮ ᠰᠢᠨᠵᠢᠯᠡᠭᠡᠨ ᠦ ᠣᠯᠠᠨ ᠠᠷᠪᠠᠨ ᠨᠣᠮ᠂ ᠭᠠᠷ ᠤᠨ ᠠᠪᠤᠯᠭ᠎ᠠ᠂ ᠥᠭᠦᠯᠡᠯ ᠲᠤᠭᠤᠷᠪᠢᠵᠤ᠂ ᠵᠣᠬᠢᠶᠠᠭᠴᠢ ᠢᠢᠨ ᠡᠷᠬᠡ ᠪᠣᠯᠤᠨ ᠰᠢᠨ᠎ᠡ ᠪᠦᠲᠦᠭᠡᠯ᠂ ᠣᠨᠣᠪᠴᠢᠲᠠᠢ ᠰᠠᠨᠠᠯ᠂ ᠠᠰᠢᠭᠲᠠᠢ ᠵᠠᠭᠪᠤᠷ ᠪᠦᠲᠦᠭᠡᠨ᠂ ᠳᠦᠷᠰᠦ ᠣᠨᠣᠰᠢᠯᠠᠭᠠᠨ ᠤ ᠮᠡᠷᠭᠡᠵᠢᠯᠲᠡᠨ ᠪᠡᠯᠡᠳᠬᠡᠨ ᠰᠤᠷᠭᠠᠵᠤ᠂ ᠡᠷᠡᠭᠦᠯ ᠮᠡᠨᠳᠦ ᠢᠢᠨ ᠰᠠᠯᠪᠤᠷᠢ ᠢᠢᠨ ᠬᠥᠭ᠍ᠵᠢᠯ ᠳᠥ ᠦᠨᠡᠲᠡᠢ ᠬᠤᠪᠢ ᠨᠡᠮᠡᠷᠢ ᠣᠷᠣᠭᠤᠯᠤᠭᠰᠠᠨ ᠤᠯᠤᠰ ᠤᠨ ᠭᠤᠷᠪᠠᠳᠤᠭᠠᠷ ᠲᠥᠪ ᠡᠮᠨᠡᠯᠭᠡ ᠢᠢᠨ ᠳᠦᠷᠰᠦ ᠣᠨᠣᠰᠢᠯᠠᠭᠠᠨ ᠤ ᠯᠠᠪᠯᠠᠭ᠎ᠠ ᠲᠥᠪ ᠦᠨ ᠲᠠᠰᠤᠭ ᠤᠨ ᠡᠷᠬᠢᠯᠡᠭᠴᠢ᠂ ᠬᠦᠮᠦᠨ ᠦ ᠭᠠᠪᠢᠶᠠᠲᠤ ᠡᠮᠴᠢ ᠴᠡᠷᠢᠩᠳᠣᠷᠵᠢ ᠢᠢᠨ ᠪᠠᠳᠮᠠᠰᠢᠳᠢ᠂

ᠬᠥᠳᠡᠭᠡ ᠠᠵᠤ ᠠᠬᠤᠢ ᠢᠢᠨ ᠭᠠᠪᠢᠶᠠᠲᠤ ᠠᠵᠢᠯᠲᠠᠨ ᠴᠣᠯᠠ ᠪᠡᠷ᠄

ᠬᠥᠳᠡᠭᠡ ᠠᠵᠤ ᠠᠬᠤᠢ ᠢᠢᠨ ᠠᠬᠠᠮᠠᠳ ᠠᠵᠢᠯᠲᠠᠨ᠂ ᠵᠥᠪᠯᠡᠬᠦ ᠮᠠᠯ ᠵᠦᠢᠴᠢ ᠳᠡᠯᠡᠭ ‍ᠥᠨ ᠵᠠᠩᠴᠠᠨᠬᠣᠷᠯᠤ᠂

ᠰᠢᠨᠵᠢᠯᠡᠬᠦ ᠤᠬᠠᠭᠠᠨ ᠤ ᠭᠠᠪᠢᠶᠠᠲᠤ ᠠᠵᠢᠯᠲᠠᠨ ᠴᠣᠯᠠ ᠪᠡᠷ᠄

《ᠠᠭᠤᠷ ᠠᠮᠢᠰᠬᠤᠯ ᠤᠨ ᠥᠭᠡᠷᠡᠴᠢᠯᠡᠯᠲᠡ ᠬᠥᠭ᠍ᠵᠢᠯ》 ᠠᠻᠠᠳᠧᠮᠢ ᠢᠢᠨ ᠵᠠᠬᠢᠷᠤᠯ᠂ ᠰᠢᠨᠵᠢᠯᠡᠬᠦ ᠤᠬᠠᠭᠠᠨ ᠤ ᠳ᠋ᠣᠻᠲ᠋ᠣᠷ ᠳᠠᠮᠳᠢᠨ ᠤ ᠳᠠᠭᠪᠠᠳᠣᠷᠵᠢ᠂

ᠠᠵᠤ ᠥᠢᠯᠡᠳᠪᠥᠷᠢ ᠢᠢᠨ ᠭᠠᠪᠢᠶᠠᠲᠤ ᠠᠵᠢᠯᠲᠠᠨ ᠴᠣᠯᠠ ᠪᠡᠷ᠄

《ᠠᠯᠲᠠᠨᠪᠤᠯᠠᠭ》 ᠴᠢᠯᠦᠭᠡᠲᠦ ᠪᠥᠰᠡ ᠢᠢᠨ ᠵᠠᠬᠢᠷᠤᠭᠴᠢ ᠠᠰᠠᠨ᠂ ᠠᠭᠤᠯᠠ ᠠᠭᠤᠷᠬᠠᠢ ᠢᠢᠨ ᠪᠠᠶᠠᠵᠢᠭᠤᠯᠤᠯᠲᠠ ᠢᠢᠨ ᠢᠨ᠋ᠵᠧᠨᠧᠷ ᠵᠠᠮᠪᠠ ᠢᠢᠨ ᠠᠮᠤᠷᠵᠢᠷᠭᠠᠯ᠂

《ᠭᠣᠪᠢ》ᠬᠤ᠊᠂ ᠻᠥ᠂ ᠢᠢᠨ ᠠᠬᠠᠮᠠᠳ ᠠᠵᠢᠯᠲᠠᠨ ᠴᠡᠩᠳᠥ ᠢᠢᠨ ᠠᠩᠬᠠᠪᠠᠶᠠᠷ᠂

《ᠥᠪᠦᠷ ᠪᠠᠶᠠᠨ ᠪᠦᠷᠢᠳᠦ》ᠬᠢ᠊᠂ ᠬᠠ᠊᠂ ᠻᠥ᠂ ᠢᠢᠨ ᠵᠥᠪᠯᠡᠬᠦ ᠲᠡᠮᠦᠷᠸᠴᠢᠷ ᠤᠨ ᠲᠦᠳᠦᠪᠷᠢᠨᠴᠢᠨ᠂

ᠭᠠᠪᠢᠶᠠᠲᠤ ᠬᠠᠤᠯᠢᠴᠢ ᠴᠣᠯᠠ ᠪᠡᠷ᠄

ᠲᠥᠷᠥ ᠢᠢᠨ ᠠᠯᠪᠠᠨ ᠤ ᠵᠥᠪᠯᠡᠯ ᠦᠨ ᠭᠡᠰᠢᠭᠦᠨ ᠠᠰᠠᠨ ᠪᠠᠳᠮᠠᠴᠣᠤ ᠢᠢᠨ ᠢᠳᠡᠷᠴᠢᠯᠠᠭᠤᠨ᠂

ᠭᠠᠪᠢᠶᠠᠲᠤ ᠪᠠᠭᠰᠢ ᠴᠣᠯᠠ ᠪᠡᠷ᠄

ᠳᠠᠷᠬᠠᠨ-ᠠᠭᠤᠯᠠ ᠠᠢᠢᠮᠠᠭ ᠤᠨ ᠶᠡᠷᠦᠩᠬᠡᠢ ᠪᠣᠯᠪᠠᠰᠤᠷᠠᠯ ᠤᠨ 15 ᠳ᠋ᠤᠭᠠᠷ ᠰᠤᠷᠭᠠᠭᠤᠯᠢ ᠢᠢᠨ ᠵᠠᠬᠢᠷᠤᠯ ᠱᠤᠭᠠᠷᠠᠰᠦ᠋ᠷᠦᠩ ‍ᠥᠨ ᠶᠢᠳᠠᠮᠰᠦ᠋ᠷᠦᠩ᠂

《ᠡᠬᠢᠯᠡᠯ》 ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠵᠠᠬᠢᠷᠤᠯ ᠠᠶᠤᠷᠵᠠᠨ᠎ᠠ ᠢᠢᠨ ᠡ᠊ᠩᠬᠡᠵᠢᠷᠭᠠᠯ᠂

ᠬᠡᠨᠲᠡᠢ ᠠᠢᠢᠮᠠᠭ ᠤᠨ ᠵᠢᠷᠭᠠᠯᠲᠤᠬᠠᠨ ᠰᠤᠮᠤ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠠᠬᠠᠮᠠᠳ ᠪᠠᠭᠰᠢ ᠪᠠᠲᠤᠰᠦ᠋ᠷᠦᠩ ᠦᠨ ᠵᠢᠪᠵᠤᠨᠮ᠎ᠠ᠂

ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠷᠧᠻᠲ᠋ᠣᠷ ᠤᠨ ᠵᠥᠪᠯᠡᠬᠦ᠂ ᠵᠥᠪᠯᠡᠬᠦ ᠫᠷᠣᠹᠧᠰᠰᠣᠷ ᠪᠠᠭᠠᠲᠤᠷ ᠤᠨ ᠸᠴᠢᠷᠪᠠᠲᠤ᠂

ᠡᠷᠡᠭᠥᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠪᠡᠷ᠄

ᠨᠡᠢᠢᠰᠯᠡᠯ ᠦᠨ 《ᠥᠷᠭᠥᠭᠡ ᠠᠮᠤᠷᠵᠢᠬᠤ ᠭᠠᠵᠠᠷ》 ᠲᠥᠷᠦᠯᠵᠢᠭᠰᠡᠨ ᠮᠡᠷᠭᠡᠰᠢᠯ ᠦᠨ ᠡᠮᠨᠡᠯᠭᠡ ᠢᠢᠨ ᠠᠬᠠᠮᠠᠳ ᠡᠬᠡ ᠪᠠᠷᠢᠭᠴᠢ᠂ ᠪᠠᠭ᠎ᠠ ᠡᠮᠴᠢ ᠲᠣᠭᠲᠠᠬᠤᠳᠣᠷᠵᠢ ᠢᠢᠨ ᠷᠢᠨᠴᠢᠨᠨᠣᠷᠪᠤ᠂

ᠨᠡᠢᠢᠰᠯᠡᠯ ᠦᠨ ᠰᠦᠬᠡᠪᠠᠭᠠᠲᠤᠷ ᠳᠡᠭᠦᠷᠭᠡ ᠢᠢᠨ 35 ᠳ᠋ᠤᠭᠠᠷ ᠴᠡᠴᠡᠷᠯᠢᠭ ᠦᠨ ᠠᠬᠠᠮᠠᠳ ᠠᠵᠢᠯᠲᠠᠨ ᠭᠣᠮᠪᠣᠰᠦ᠋ᠷᠦᠩ ᠦᠨ ᠠᠯᠲᠠᠨᠴᠡᠴᠡᠭ᠌᠂

ᠬᠥᠮᠥᠨ ‍ᠥ ᠭᠠᠪᠢᠶᠠᠲᠤ ᠠᠮᠴᠢ ᠴᠣᠯᠠ ᠪᠡᠷ᠄

《ᠨᠣᠮᠤᠨ》 ᠨᠢᠭᠡᠳᠦᠭᠰᠡᠨ ᠡᠮᠨᠡᠯᠭᠡ ᠢᠢᠨ ᠳᠠᠷᠤᠭ᠎ᠠ᠂ ᠠᠨᠠᠭᠠᠬᠤ ᠤᠬᠠᠭᠠᠨ ᠤ ᠳ᠋ᠣᠻᠲ᠋ᠣᠷ ᠵᠠᠮᠭᠤᠨ ᠤ ᠵᠠᠩᠴᠤᠪ᠂

ᠤᠯᠤᠰ ᠤᠨ ᠨᠢᠭᠡᠳᠦᠭᠡᠷ ᠲᠥᠪ ᠡᠮᠨᠡᠯᠭᠡ ᠢᠢᠨ ᠨᠢᠳᠦ ᠰᠤᠳᠤᠯᠤᠯ᠂ ᠮᠡᠰᠡ ᠵᠠᠰᠠᠯ ᠤᠨ ᠲᠠᠰᠤᠭ ᠤᠨ ᠶᠡᠬᠡ ᠡᠮᠴᠢ ᠪᠣᠵᠠ ᠢᠢᠨ ᠲᠡᠮᠦᠷᠪᠠᠭᠠᠲᠤᠷ᠂

ᠭᠠᠪᠢᠶᠠᠲᠤ ᠵᠥᠵᠥᠭᠡᠴᠢᠨ ᠴᠣᠯᠠ ᠪᠡᠷ᠄

ᠤᠯᠤᠰ ᠤᠨ ᠳᠠᠭᠤᠷᠢ ᠪᠦᠵᠢᠭ᠌ ᠦᠨ ᠡᠷᠳᠡᠮ ᠦᠨ ᠲᠢᠶᠠᠲ᠋ᠷ ᠤᠨ ᠠᠬᠠᠮᠠᠳ ᠤᠷᠠᠨ ᠪᠦᠲᠦᠭᠡᠯᠴᠢ ᠪᠠᠯᠵᠢᠨᠨᠢᠮ᠎ᠠ ᠢᠢᠨ ᠪᠠᠨᠵᠠᠷᠠᠭᠴᠠ᠂

《ᠬᠠᠭᠠᠳ ᠤᠨ ᠬᠠᠭᠠᠨ ᠫᠢᠻᠴᠧᠷᠰ》ᠬᠢ᠊᠂ ᠬᠠ᠊᠂ ᠻᠥ᠂ ᠢᠢᠨ ᠵᠠᠬᠢᠷᠤᠯ᠂ ᠨᠠᠢᠢᠷᠠᠭᠤᠯᠤᠭᠴᠢ᠂ ᠵᠦᠵᠦᠭᠡᠴᠢᠨ ᠳᠣᠷᠵᠢ ᠢᠢᠨ ᠪᠠᠲᠤᠲᠡᠮᠦᠷ᠂

ᠬᠤᠳᠠᠯᠳᠤᠭᠠᠨ ᠤ ᠭᠠᠪᠢᠶᠠᠲᠤ ᠠᠵᠢᠯᠲᠠᠨ ᠴᠣᠯᠠ ᠪᠡᠷ᠄

ᠬᠤᠳᠠᠯᠳᠤᠭᠠᠨ ᠤ ᠰᠠᠯᠪᠤᠷᠢ ᠢᠢᠨ ᠠᠬᠠᠮᠠᠳ ᠠᠵᠢᠯᠲᠠᠨ ᠪᠤᠬ ᠠ ᠢᠢᠨ ᠨᠣᠷᠵᠢᠢ ᠠ᠂

ᠪᠠᠶᠠᠩᠬᠣᠩ᠋ᠭᠣᠷ ᠠᠢᠢᠮᠠᠭ ᠤᠨ 《ᠪᠠᠶᠠᠯᠢᠭ ᠪᠣᠭᠳᠠ》 ᠬᠢ᠊᠂ ᠬᠠ᠊᠂ ᠻᠥ᠂ ᠢᠢᠨ ᠵᠠᠬᠢᠷᠤᠯ ᠰᠦ᠋ᠬᠡᠴᠡᠷᠢᠩ ᠦᠨ ᠣᠶᠤᠨ᠂

ᠦᠢᠯᠡᠴᠢᠯᠡᠭᠡᠨ ‍ᠥ ᠭᠠᠪᠢᠶᠠᠲᠤ ᠠᠵᠢᠯᠲᠠᠨ ᠴᠣᠯᠠ ᠪᠡᠷ᠄

ᠲᠥᠷᠥ᠂ ᠵᠠᠬᠢᠷᠭᠠᠨ ᠤ ᠪᠠᠢᠢᠭᠤᠯᠤᠯᠭ᠎ᠠ ᠢᠢᠨ ᠠᠬᠠᠮᠠᠳ ᠠᠵᠢᠯᠲᠠᠨ ᠴᠡᠩᠳᠥ ᠢᠢᠨ ᠳᠠᠭᠪᠠᠳᠠᠰᠢ᠂

ᠲᠥᠷᠥ᠂ ᠵᠠᠰᠠᠭ ᠤᠨ ᠦᠢᠯᠡᠴᠢᠯᠡᠭᠡ ᠢᠢ ᠡᠷᠬᠢᠯᠡᠬᠦ ᠭᠠᠵᠠᠷ ᠤᠨ ᠠᠬᠠᠮᠠᠳ ᠠᠵᠢᠯᠲᠠᠨ ᠰᠡᠩ᠋ᠭᠡ ᠢᠢᠨ ᠫᠡᠯᠵᠡᠢ᠂

ᠪᠠᠢᠢᠭᠠᠯᠢ ᠤᠷᠴᠢᠨ ᠤ ᠭᠠᠪᠢᠶᠠᠲᠤ ᠠᠵᠢᠯᠲᠠᠨ ᠴᠣᠯᠠ ᠪᠡᠷ᠄

《ᠮᠣᠩ᠋ᠭᠣᠯ ᠣᠷᠣᠨ ᠤ ᠣᠢ ᠢᠢᠨ ᠲᠣᠭᠲᠠᠪᠤᠷᠢᠲᠠᠢ ᠬᠥᠭ᠍ᠵᠢᠯ ᠵᠥᠪᠯᠡᠯ》 ᠲᠥᠷᠥ ᠢᠢᠨ ᠪᠤᠰᠤ ᠪᠠᠢᠢᠭᠤᠯᠤᠯᠭ᠎ᠠ ᠢᠢᠨ ᠲᠡᠷᠢᠭᠦᠨ ᠵᠠᠭᠳᠠᠰᠦ᠋ᠷᠦᠩ ᠦᠨ ᠪᠣᠯᠣᠳᠪᠠᠭᠠᠲᠤᠷ᠂

ᠭᠠᠪᠢᠶᠠᠲᠤ ᠲᠡᠭᠡᠭᠡᠪᠦᠷᠢᠴᠢᠨ ᠴᠣᠯᠠ ᠪᠡᠷ᠄

ᠲᠡᠭᠡᠭᠡᠪᠦᠷᠢ ᠢᠢᠨ ᠰᠠᠯᠪᠤᠷᠢ ᠢᠢᠨ ᠠᠬᠠᠮᠠᠳ ᠠᠵᠢᠯᠲᠠᠨ᠂ ᠵᠢᠯᠣᠭᠣᠴᠢ ᠪᠢᠷᠤᠵᠠᠨ᠎ᠠ ᠢᠢᠨ ᠥᠯᠵᠡᠢᠢᠪᠠᠲᠤ᠂

《ᠤᠯᠠᠭᠠᠨᠪᠠᠭᠠᠲᠤᠷ ᠲᠡᠮᠦᠷ ᠵᠠᠮ》ᠬᠤ᠊᠂ ᠨᠠᠢᠢ᠊᠂ ᠨᠡᠢᠢ᠊᠂ ᠢᠢᠨ 《ᠵᠡᠭᠦᠨᠪᠠᠶᠠᠨ-ᠲᠠᠪᠤᠨᠲᠣᠯᠣᠭᠠᠢ》 ᠲᠥᠰᠥᠯ ᠬᠡᠷᠡᠭᠵᠢᠭᠦᠯᠬᠦ ᠨᠢᠭᠡᠴᠡ ᠢᠢᠨ ᠲᠥᠰᠥᠯ ᠦᠨ ᠤᠳᠤᠷᠢᠳᠤᠭᠴᠢ ᠵᠤᠨᠠᠢ ᠢᠢᠨ ᠣᠳᠬᠠᠨᠲᠦ᠋ᠷᠥ᠂

ᠭᠠᠪᠢᠶᠠᠲᠤ ᠮᠠᠯᠴᠢᠨ ᠴᠣᠯᠠ ᠪᠡᠷ᠄

ᠳᠣᠷᠣᠨᠠᠭᠣᠪᠢ ᠠᠢᠢᠮᠠᠭ ᠤᠨ ᠮᠠᠨᠳᠤᠬᠤ ᠰᠤᠮᠤ᠂ ᠤᠯᠤᠰ ᠤᠨ ᠠᠪᠤᠷᠭᠤ ᠮᠠᠯᠴᠢᠨ ᠨᠢᠮᠠᠰᠦ᠋ᠷᠦᠩ ᠦᠨ ᠪᠠᠶᠠᠰᠬᠤᠯᠠᠩ᠂

ᠳᠣᠷᠣᠨᠠᠲᠤ ᠠᠢᠢᠮᠠᠭ ᠤᠨ ᠴᠠᠭᠠᠨ-ᠣᠪᠣᠭ᠎ᠠ ᠰᠤᠮᠤ᠂ ᠲᠣᠳᠣ ᠮᠠᠩᠯᠠᠢ ᠤᠶᠠᠭᠠᠴᠢ ᠲᠦᠪᠳᠡᠨᠵᠠᠵᠢᠳ ᠤᠨ ᠪᠠᠲᠤᠵᠣᠷᠢᠭ᠂

ᠭᠠᠪᠢᠶᠠᠲᠤ ᠡᠳ᠋ ‍ᠥᠨ ᠵᠠᠰᠠᠭᠴᠢ ᠴᠣᠯᠠ ᠪᠡᠷ᠄

《ᠪᠠᠲᠤᠬᠠᠭᠠᠨ ᠭᠷᠥ᠋ᠫ》 》 ᠬᠢ᠊᠂ ᠬᠠ᠊᠂ ᠻᠥ᠂ ᠢᠢᠨ ᠵᠠᠬᠢᠷᠤᠯ ᠪᠠᠯᠳᠣᠷᠵᠢ ᠢᠢᠨ ᠡ᠊ᠩᠬᠡᠲᠠᠢᠢᠪᠤᠩ᠂

ᠭᠠᠪᠢᠶᠠᠲᠤ ᠪᠠᠷᠢᠯᠭᠠᠴᠢᠨ ᠴᠣᠯᠠ ᠪᠡᠷ᠄

《ᠦᠨᠳᠦᠰᠦᠨ ᠦ ᠪᠦᠲᠦᠭᠡᠨ ᠪᠠᠢᠢᠭᠤᠯᠤᠯᠲᠠ ᠢᠢᠨ ᠻᠣᠷᠫᠣᠷᠠᠼᠢ》 ᠬᠢ᠊᠂ ᠬᠠ᠊᠂ ᠻᠥ᠂ ᠢᠢᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠭᠡᠯᠡᠭ ‍ᠥᠨ ᠪᠠᠲᠤᠰᠦ᠋ᠬᠡ᠂
《ᠰᠢᠨ᠎ᠡ ᠳᠥᠯ ᠻᠣᠨ᠋ᠰ᠋ᠲ᠋ᠷᠠᠻᠱᠨ᠋᠌》ᠬᠢ᠊᠂ ᠬᠠ᠊᠂ ᠻᠥ᠂ ᠢᠢᠨ ᠵᠠᠬᠢᠷᠤᠯ ᠪᠠᠲᠤᠸᠴᠢᠷ ᠤᠨ ᠪᠠᠲᠤᠪᠤᠯᠤᠳ᠂

ᠰᠤᠶᠤᠯ ᠤᠨ ᠭᠠᠪᠢᠶᠠᠲᠤ ᠵᠢᠳᠬᠦᠯᠲᠡᠨ ᠴᠣᠯᠠ ᠪᠡᠷ᠄

ᠰᠤᠶᠤᠯ᠂ ᠤᠷᠠᠯᠢᠭ ᠤᠨ ᠶᠡᠬᠡ ᠰᠤᠷᠭᠠᠭᠤᠯᠢ ᠢᠢᠨ ᠵᠠᠬᠢᠷᠤᠯ᠂ ᠬᠡᠯᠡ ᠰᠢᠨᠵᠢᠯᠡᠯ ᠦᠨ ᠤᠬᠠᠭᠠᠨ ᠤ ᠳ᠋ᠤᠻᠲ᠋ᠣᠷ ᠡᠷᠳᠡᠨᠢᠴᠣᠭᠲᠤ ᠢᠢᠨ ᠰᠣᠨᠢᠨᠲᠣᠭᠣᠰ᠂

ᠭᠠᠩᠳᠠᠩᠳᠦᠭᠴᠢᠩᠯᠢᠩ ᠬᠡᠢᠢᠳ ᠦᠨ 《ᠭᠤᠩ᠋ᠭᠠᠴᠣᠢᠢᠯᠢᠨ》 ᠳᠠᠴᠠᠩ ᠤᠨ ᠪᠠᠭᠰᠢ᠂ ᠭᠠᠪᠵᠤ ᠥᠰᠬᠥᠪᠠᠶᠠᠷ ᠤᠨ ᠭᠦᠨᠳᠦᠰᠠᠮᠪᠤᠤ᠂

ᠤᠷᠠᠯᠢᠭ ᠤᠨ ᠭᠠᠪᠢᠶᠠᠲᠤ ᠵᠢᠳᠬᠦᠯᠲᠡᠨ ᠴᠣᠯᠠ ᠪᠡᠷ᠄

《ᠰᠠᠷᠠᠨ ᠤ ᠴᠢᠯᠠᠭᠤ》 ᠳᠠᠭᠤᠤ ᠪᠦᠵᠢᠭ᠌ ᠦᠨ ᠴᠢᠭᠤᠯᠭ᠎ᠠ ᠢᠢᠨ ᠶᠡᠷᠦᠩᠬᠡᠢ ᠵᠠᠬᠢᠷᠤᠯ ᠴᠢᠯᠠᠭᠤᠨᠪᠠᠭᠠᠲᠤᠷ ᠤᠨ ᠰᠠᠷᠠᠨᠴᠢᠮᠡᠭ᠌᠂

ᠭᠠᠪᠢᠶᠠᠲᠤ ᠳᠠᠮᠢᠷᠴᠢᠨ ᠴᠣᠯᠠ ᠪᠡᠷ᠄

ᠫᠠᠦ᠋ᠡᠷᠯᠢᠹᠲᠢᠩ ᠦᠨ ᠳᠡᠯᠡᠬᠡᠢ ᠢᠢᠨ ᠬᠣᠱᠣᠢ ᠠᠪᠤᠷᠭᠤ᠂ ᠪᠠᠭᠰᠢ᠂ ᠳᠠᠰᠬᠠᠯᠵᠢᠭᠤᠯᠤᠭᠴᠢ ᠴᠡᠷᠢᠩᠳᠠᠮᠪᠠ ᠢᠢᠨ ᠪᠠᠶᠠᠷᠬᠦ᠋ᠦ ᠨᠠᠷ ᠢ ᠱᠠᠩᠨᠠᠯ ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠠᠯᠰᠦ᠋ᠬᠡ ᠮᠥᠨ ᠡᠷᠬᠢᠯᠡᠭᠰᠡᠨ ᠠᠵᠢᠯ ᠳᠠᠭᠠᠨ ᠠᠮᠵᠢᠯᠲᠠ ᠭᠠᠷᠭᠠᠵᠤ᠂ ᠡᠬᠡ ᠣᠷᠣᠨ ᠤ ᠪᠠᠨ ᠬᠥᠭ᠍ᠵᠢᠯ ᠳᠡᠪᠰᠢᠯ ᠳᠥ ᠦᠨᠡᠲᠡᠢ ᠬᠤᠪᠢ ᠨᠡᠮᠡᠷᠢ ᠣᠷᠣᠭᠤᠯᠤᠭᠰᠠᠨ᠂ ᠣᠷᠣᠭᠤᠯᠵᠤ ᠪᠠᠢᠢᠭ᠎ᠠ ᠨᠡᠷ᠎ᠡ ᠪᠦᠬᠦᠢ ᠬᠦᠮᠦᠰ ᠲᠥ ᠲᠥᠷᠥ ᠢᠢᠨ ᠣᠳᠣᠨ᠂ ᠮᠧᠳᠠᠯᠢ ᠭᠠᠷᠳᠠᠭᠤᠯᠤᠯ᠎ᠠ᠃

ᠶᠡᠷᠦᠩᠬᠡᠢᠢᠯᠡᠭᠴᠢ ᠲᠥᠷᠥ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠰᠡᠨ ᠡᠷᠬᠢᠮ ᠦᠳ ᠲᠥ ᠪᠣᠯᠤᠨ ᠲᠡᠳᠡᠨ ᠦ ᠭᠡᠷ ᠪᠦᠯᠢ᠂ ᠦᠷ᠎ᠡ ᠬᠡᠦᠬᠡᠳ᠂ ᠬᠠᠮᠲᠤ ᠣᠯᠠᠨ ᠳᠤ ᠨᠢ ᠪᠠᠶᠠᠷ ᠬᠦᠷᠭᠡᠵᠦ᠂ ᠰᠠᠷ᠎ᠠ ᠰᠢᠨ᠎ᠡ ᠳᠡᠭᠡᠨ ᠰᠠᠢᠢᠬᠠᠨ ᠰᠢᠨᠡᠯᠡᠬᠦ ᠢᠢ ᠬᠦᠰᠡᠨ ᠢᠷᠦᠭᠡᠪᠡ᠃