XVII ᠵᠢᠷᠠᠨ ᠤ 《ᠬᠢᠯᠢᠩᠲᠦ ᠡᠬᠡ》 ᠬᠡᠮᠡᠬᠦ ᠮᠣᠳᠣᠨ ᠯᠤᠤ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠥᠷᠯᠥᠭᠡ 08᠄00 ᠴᠠᠭ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠥ ᠢᠢᠨ ᠶᠢᠰᠦᠨ ᠬᠥᠯᠲᠦ ᠴᠠᠭᠠᠨ ᠲᠤᠭ ᠲᠤ ᠬᠦᠨᠳᠦᠳᠬᠡᠯ ᠦᠵᠡᠭᠦᠯᠪᠡ᠃
ᠳᠠᠷᠠᠭ᠎ᠠ ᠨᠢ ᠤᠯᠤᠰ ᠤᠨ ᠶᠡᠬᠡ ᠬᠤᠷᠠᠯ ᠤᠨ ᠳᠠᠷᠤᠭ᠎ᠠ ᠭᠣᠮᠪᠣᠵᠠᠪ ᠤᠨ ᠽᠠᠨᠳᠠᠨᠰᠢᠲᠠᠷ ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠯᠤᠪᠰᠠᠩᠨᠠᠮᠰᠠᠷᠠᠢ ᠢᠢᠨ ᠣᠶᠤᠨ-ᠡᠷᠳᠡᠨᠢ ᠨᠠᠷ ᠠᠯᠳᠠ ᠴᠡᠩᠬᠡᠷ ᠬᠠᠳᠠᠭ ᠳᠡᠯᠭᠡᠨ ᠲᠥᠷᠥ ᠢᠢᠨ ᠲᠡᠷᠢᠭᠦᠨ ᠦ ᠠᠮᠤᠷ ᠮᠡᠨᠳᠦ ᠢᠢ ᠡᠷᠢᠨ ᠵᠣᠯᠭᠠᠪᠠ᠃
ᠲᠥᠷᠥ ᠢᠢᠨ ᠵᠣᠯᠭᠠᠯᠲᠠ ᠢᠢᠨ ᠳᠠᠷᠠᠭ᠎ᠠ ᠮᠣᠩ᠋ᠭᠣᠯ ᠤᠯᠤᠰ ᠤᠨ ᠠᠷᠠᠳ ᠤᠨ ᠵᠦᠵᠦᠭᠡᠴᠢᠨ᠂ ᠰᠤᠶᠤᠯ ᠤᠨ ᠭᠠᠪᠢᠶᠠᠲᠤ ᠵᠢᠳᠬᠦᠯᠲᠡᠨ᠂ ᠬᠡᠯᠡ᠂ ᠪᠢᠴᠢᠭ᠌ ᠦᠨ ᠰᠢᠨᠵᠢᠯᠡᠬᠦ ᠤᠬᠠᠭᠠᠨ ᠤ ᠳ᠋ᠣᠻᠲ᠋ᠣᠷ᠂ ᠢᠷᠦᠭᠡᠯᠴᠢ᠂ ᠮᠠᠭᠲᠠᠭᠠᠯᠴᠢ ᠴᠡ᠊᠂ ᠴᠡᠷᠢᠩᠳᠣᠷᠵᠢ ᠲᠥᠷᠥ ᠢᠢᠨ ᠬᠠᠨ ᠬᠤᠭᠤᠷ ᠤᠨ ᠬᠥᠭ᠌ ᠢ ᠲᠡᠭᠰᠢᠯᠡᠯᠡ᠃
ᠲᠥᠷᠥ ᠢᠢᠨ ᠬᠠᠨ ᠬᠤᠭᠤᠷ ᠲᠤ᠄
《ᠵᠡ ᠬᠥ᠂ ᠲᠡᠭᠦᠯᠳᠡᠷ ᠮᠣᠩ᠋ᠭᠣᠯ ᠣᠷᠣᠨ ᠤ ᠪᠠᠨ
ᠲᠥᠷᠥ ᠢᠢᠨ ᠮᠠᠭᠲᠠᠭᠠᠯ ᠢ ᠠᠶᠠᠯᠠᠭᠤᠯᠠᠨ ᠠᠢᠢᠯᠠᠳᠬᠠᠶ᠎ᠠ᠃
ᠡᠬᠡ ᠣᠷᠣᠨ᠂ ᠲᠤᠰᠠᠭᠠᠷ ᠲᠣᠭᠲᠠᠨᠢᠯ ᠢᠶᠠᠨ
ᠡᠷᠬᠢᠮ ᠲᠥᠷᠥ ᠪᠡᠨ᠂ ᠲᠠᠮᠠᠭ᠎ᠠ᠂ ᠰᠦᠯᠳᠡ ᠪᠡᠨ
ᠠᠯᠲᠠᠨ ᠰᠣᠶᠣᠩᠪᠤ ᠳᠤ ᠳᠠᠯᠪᠠᠭ᠎ᠠ ᠪᠠᠨ
ᠠᠭᠤᠤ ᠵᠢᠪᠬᠤᠯᠠᠩᠳᠤ ᠲᠥᠷᠦ ᠢᠢᠨ ᠳᠠᠭᠤᠯᠠᠯ ᠢᠶᠠᠨ
ᠡᠴᠢᠭᠡ ᠲᠩᠷᠢ᠂ ᠡᠬᠡ ᠭᠠᠵᠠᠷ ᠲᠠᠭᠠᠠᠨ
ᠡᠵᠡᠨ ᠴᠢᠩ᠋ᠭᠢᠰ᠂ ᠬᠠᠷ᠎ᠠ ᠰᠦᠯᠳᠠ ᠳᠡᠭᠡᠨ
ᠶᠢᠰᠦᠨ ᠴᠠᠭᠠᠨ ᠲᠤᠭ ᠲᠠᠭᠠᠨ
ᠰᠦᠰᠦᠯᠥᠨ ᠳᠡᠭᠡᠳᠦᠯᠡᠵᠦ ᠳᠠᠭᠠᠳᠬᠠᠶ᠎ᠠ᠃
ᠠᠰᠢᠳᠠ ᠮᠥᠩᠬᠡ ᠢᠢᠨ ᠨᠢᠭᠤᠴᠠ ᠲᠣᠪᠴᠢᠶ᠎ᠠ ᠪᠠᠨ
ᠠᠶᠠᠯᠭᠤ ᠡᠭᠡᠰᠢᠭᠲᠦ ᠬᠠᠨ ᠬᠤᠭᠤᠷ ᠢᠶᠠᠨ
ᠬᠥᠬᠡ ᠮᠣᠩ᠋ᠭᠣᠯ ᠤᠨ ᠬᠦᠨᠳᠦᠳᠥ ᠨᠤᠮᠤ ᠪᠠᠨ
ᠬᠦᠨᠳᠦᠯᠡᠨ ᠳᠡᠭᠡᠳᠦᠯᠡᠬᠦ ᠦᠨᠳᠦᠰᠦᠨ ᠬᠠᠤᠯᠢ ᠪᠠᠨ
ᠡᠴᠢᠭᠡ ᠲᠩᠷᠢ᠂ ᠡᠬᠡ ᠭᠠᠵᠠᠷ ᠲᠠᠭᠠᠨ
ᠡᠵᠡᠨ ᠴᠢᠩ᠋ᠭᠢᠰ᠂ ᠬᠠᠷ᠎ᠠ ᠰᠦᠯᠳᠡ ᠳᠡᠭᠡᠨ
ᠶᠢᠰᠦᠨ ᠴᠠᠭᠠᠨ ᠲᠤᠭ ᠲᠠᠭᠠᠨ
ᠰᠦᠰᠦᠯᠥᠨ ᠳᠡᠭᠡᠳᠦᠯᠡᠵᠦ ᠳᠠᠭᠠᠳᠬᠠᠶ᠎ᠠ》 ᠬᠡᠮᠡᠨ ᠲᠥᠷᠦ᠂ ᠲᠦᠮᠡᠨ ᠳᠡᠭᠡᠨ ᠡᠷᠭᠦᠬᠦ ᠠᠢᠢᠯᠠᠳᠬᠠᠯ᠂ ᠮᠠᠭᠲᠠᠭᠠᠯ ᠢ ᠡᠷᠭᠦᠨ ᠪᠠᠷᠢᠯ ᠠ᠃
ᠮᠥᠨ ᠮᠣᠩ᠋ᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠩᠳᠦᠭᠴᠢᠩᠯᠢᠩ ᠬᠡᠢᠢᠳ ᠦᠨ ᠲᠡᠷᠢᠭᠦᠨ ᠶᠡᠬᠡ ᠬᠠᠩᠪᠤ ᠯᠠᠮᠠ᠂ ᠭᠡᠪᠰᠢ ᡀᠠᠷᠠᠮᠪᠠ ᠳᠤ᠊᠂ ᠵᠢᠪᠵᠤᠨᠳᠣᠷᠵᠢ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠨᠠᠷ ᠲᠤ ᠵᠣᠯᠭᠠᠵᠤ᠂ ᠮᠣᠳᠣᠨ ᠯᠤᠤ ᠵᠢᠯ ᠦᠨ ᠥᠩ᠋ᠭᠡ ᠢᠢ ᠬᠡᠯᠡᠯᠴᠡᠪᠡ᠃