Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ XVII ᠵᠢᠷᠠᠨ ᠤ 《ᠬᠢᠯᠢᠩᠲᠦ ᠡᠬᠡ》 ᠬᠡᠮᠡᠬᠦ ᠮᠣᠳᠣᠨ ᠯᠤᠤ ᠵᠢᠯ ᠦᠨ ᠰᠠᠷ᠎ᠠ ᠰᠢᠨ᠎ᠡ ᠢᠢᠨ ᠮᠡᠨᠳᠦᠴᠢᠯᠡᠭᠡ

ᠡᠷᠬᠢᠮ ᠬᠦᠨᠳᠦᠳᠥ ᠠᠷᠠᠳ ᠢᠷᠭᠡᠳ ᠡ᠂

ᠡᠯᠢᠭᠡ ᠨᠢᠭᠡᠲᠦ ᠮᠣᠩ᠋ᠭᠣᠯ ᠠᠬ ᠠ ᠳᠡᠭᠦᠥ ᠨᠠᠷ ᠡ᠂

ᠲᠠ ᠪᠦᠬᠦᠨ ᠳᠡᠭᠡᠨ XVII ᠵᠢᠷᠠᠨ ᠤ 《ᠬᠢᠯᠢᠩᠲᠦ ᠡᠬᠡ》 ᠬᠡᠮᠡᠬᠦ ᠮᠣᠳᠣᠨ ᠯᠤᠤ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ᠎ᠡ᠃
ᠨᠠᠰᠤᠲᠠᠨ ᠪᠤᠭᠤᠷᠤᠯ ᠤᠳ ᠤᠨ ᠢᠷᠦᠭᠡᠯ ᠦᠷ᠎ᠡ ᠬᠡᠦᠬᠡᠳ ᠦᠳ ᠢᠶᠡᠨ ᠢᠪᠡᠭᠡᠵᠦ᠂ ᠨᠠᠰᠤᠨ ᠤ ᠪᠤᠶᠠᠨ ᠬᠡᠰᠢᠭ᠌ ᠨᠢ ᠥᠨᠢ ᠮᠥᠩᠬᠡ ᠳᠥ ᠳᠡᠯᠭᠡᠷᠡᠵᠥ᠂ ᠬᠠᠲᠠᠭᠤ ᠡᠪᠦᠯ ᠢ ᠥᠩᠲᠡᠢ ᠳᠠᠪᠠᠵᠤ᠂ ᠬᠠᠪᠤᠷ ᠤᠨ ᠤᠷᠢ ᠲᠠᠢ ᠤᠴᠠᠷᠠᠨ ᠵᠣᠯᠭᠠᠵᠤ᠂ ᠪᠤᠭᠤᠷᠤᠯ ᠵᠢᠯ ᠢᠶᠡᠨ ᠦᠳᠡᠵᠦ᠂ ᠪᠤᠶᠠᠨ ᠲᠠᠢ ᠵᠢᠯ ᠢᠶᠡᠨ ᠤᠭᠲᠤᠬᠤ ᠪᠠᠷ ᠰᠠᠷ᠎ᠠ ᠰᠢᠨ᠎ᠡ ᠳᠡᠭᠡᠨ ᠰᠠᠢᠢᠬᠠᠨ ᠰᠢᠨᠡᠯᠡᠵᠦ ᠪᠠᠢᠢᠨ᠎ᠠ ᠤᠤ?

ᠮᠣᠩ᠋ᠭᠣᠯᠴᠤᠳ ᠪᠢᠳᠡᠨ ᠦ ᠡᠪᠦᠭᠡ ᠳᠡᠭᠡᠳᠦᠰ ᠥᠨᠢ ᠡᠷᠲᠡᠨ ᠡᠴᠡ ᠲᠩᠷᠢ ᠭᠠᠵᠠᠷ ᠤᠨ ᠦᠵᠡᠭᠳᠡᠯ᠂ ᠨᠠᠷᠠᠠ ᠰᠠᠷᠠᠠ᠂ ᠣᠳᠣ ᠡᠷᠬᠡᠰ ᠦᠨ ᠬᠥᠳᠡᠯᠭᠡᠭᠡᠨ ᠢ ᠰᠢᠨᠵᠢᠵᠤ᠂ ᠭᠠᠵᠠᠷ ᠨᠤᠲᠤᠭ᠂ ᠠᠵᠤ ᠠᠮᠢᠳᠤᠷᠠᠯ ᠳᠠᠭᠠᠨ ᠨᠡᠢᠢᠴᠡᠭᠦᠯᠦᠨ᠂ ᠮᠣᠩ᠋ᠭᠣᠯ ᠴᠠᠭ ᠲᠣᠭᠠᠯᠠᠯ᠎ ᠢᠢᠠᠨ ᠲᠣᠭᠲᠠᠭᠠᠨ᠂ ᠵᠢᠯ ᠦᠨ ᠲᠡᠷᠢᠭᠦᠨ ᠪᠠᠷᠰ ᠰᠠᠷ᠎ᠠ ᠳᠤ ᠰᠠᠷ᠎ᠠ ᠰᠢᠨ᠎ᠡ᠂ ᠴᠠᠭᠠᠨ ᠰᠠᠷ᠎ᠠ ᠪᠠᠨ ᠶᠣᠰᠣᠯᠠᠨ ᠲᠡᠮᠳᠡᠭᠯᠡᠵᠦ ᠢᠷᠡᠭᠰᠡᠨ ᠰᠠᠢᠢᠬᠠᠨ ᠤᠯᠠᠮᠵᠢᠯᠠᠯ ᠲᠠᠢ ᠪᠢᠯᠡ᠃

ᠮᠣᠩ᠋ᠭᠣᠯ ᠤᠨ ᠴᠠᠭᠠᠨ ᠰᠠᠷ᠎ᠠ ᠪᠣᠯ ᠾᠦᠩᠨᠦ ᠭᠦᠷᠦᠨ ᠦ ᠭᠤᠷᠪᠠᠨ ᠶᠡᠬᠡ ᠪᠠᠶᠠᠷ ᠴᠡᠩ᠋ᠭᠡᠯ ᠦᠨ ᠨᠢᠭᠡ᠂ ᠶᠡᠬᠡ ᠮᠣᠩ᠋ᠭᠣᠯ ᠤᠯᠤᠰ᠂ ᠡᠵᠡᠨᠲᠦ ᠭᠦᠷᠦᠨ ᠦ ᠲᠥᠷᠥᠳᠦ ᠶᠣᠰᠣ᠂ ᠲᠡᠦᠬᠡ ᠰᠤᠶᠤᠯ᠂ ᠲᠦᠮᠡᠨ ᠣᠯᠠᠨ ᠤ ᠡᠪ ᠨᠢᠭᠡᠳᠦᠯ ᠦᠨ ᠪᠡᠯᠭᠡᠳᠡᠯ᠂ ᠮᠣᠩ᠋ᠭᠣᠯᠴᠤᠳ ᠪᠢᠳᠡᠨ ᠦ ᠥᠪ ᠰᠤᠶᠤᠯ᠂ ᠦᠨᠡᠲᠦ ᠵᠦᠢᠯ᠂ ᠲᠡᠦᠬᠡᠨ ᠣᠢ ᠰᠠᠨᠠᠮᠵᠢ ᠶᠤᠮ᠃

ᠪᠢᠳᠡᠨ ᠦ ᠡᠪᠦᠭᠡ ᠳᠡᠭᠡᠳᠦᠰ ᠢᠷᠡᠵᠦ ᠪᠤᠢ ᠵᠢᠯ ᠦᠨ ᠢᠶᠡᠨ ᠥᠩ᠋ᠭᠡ ᠲᠥᠭᠡᠷᠭᠡ᠂ ᠥᠯᠵᠡᠢ ᠳᠡᠮᠪᠡᠷᠢᠯ ᠢ ᠴᠠᠭᠠᠨ ᠥᠩ᠋ᠭᠡ ᠪᠡᠷ ᠪᠡᠯᠭᠡᠳᠡᠨ᠂ ᠰᠠᠷ᠎ᠠ ᠰᠢᠨ᠎ᠡ ᠢᠢᠨ ᠪᠠᠶᠠᠷ ᠢᠶᠠᠷ ᠴᠠᠢᠢᠪᠤᠷ ᠵᠢᠰᠦᠮ ᠦᠨ ᠮᠣᠷᠢ ᠤᠨᠤᠵᠤ᠂ ᠴᠠᠭᠠᠨ ᠳᠡᠪᠡᠯ ᠬᠤᠪᠴᠠᠰᠤ ᠪᠠᠷ ᠭᠣᠶᠣᠵᠤ᠂ ᠴᠠᠭᠠᠨ ᠢᠳᠡᠭᠡ ᠤᠮᠳᠠᠭ᠎ᠠ ᠪᠠᠨ ᠬᠦᠷᠲᠡᠵᠦ᠂ ᠰᠦᠨ ᠴᠠᠭᠠᠨ ᠰᠡᠳᠬᠢᠯ ᠢᠶᠡᠷ ᠢᠷᠦᠭᠡᠯ ᠪᠡᠯᠭᠡᠲᠡᠢ ᠦᠭᠡ ᠬᠡᠯᠡᠯᠴᠡᠵᠦ᠂ ᠡᠪ ᠢ ᠡᠷᠬᠢᠮᠯᠡᠨ᠂ ᠢᠲᠡᠭᠡᠯ ᠢ ᠪᠡᠬᠢᠵᠢᠭᠦᠯᠵᠦ᠂ ᠠᠬᠠᠰ ᠶᠡᠬᠡᠰ ᠢᠶᠡᠨ ᠬᠦᠨᠳᠦᠳᠬᠡᠨ᠂ ᠠᠷᠠᠳ ᠲᠦᠮᠡᠨ ᠢᠶᠡᠷ ᠢᠶᠡᠨ ᠶᠣᠰᠣᠯᠠᠨ ᠵᠣᠯᠭᠠᠳᠠᠭ ᠰᠠᠢᠢᠬᠠᠨ ᠤᠯᠠᠮᠵᠢᠯᠠᠯ ᠲᠠᠢ᠃

ᠮᠣᠩ᠋ᠭᠣᠯᠴᠤᠳ ᠪᠢᠳᠡᠨ ᠦ ᠡᠨᠡᠬᠦ ᠥᠪ ᠰᠤᠶᠤᠯ ᠤᠨ ᠥᠪᠡᠷᠮᠢᠴᠡ ᠣᠨᠴᠠᠯᠢᠭ ᠢ ᠮᠠᠨ ᠤ ᠨᠡᠷᠡᠲᠦ ᠠᠷᠠᠳ ᠤᠨ ᠤᠷᠠᠨ ᠵᠣᠬᠢᠶᠠᠯᠴᠢ ᠰᠢᠷᠠᠪ ᠤᠨ ᠰᠦᠷᠤᠩᠵᠠᠪ ᠭᠤᠸᠠᠢ ᠨᠢᠭᠡᠨᠲᠡ 《ᠮᠢᠨᠦ ᠠᠷᠠᠳ ᠤᠨ ᠰᠡᠳᠬᠢᠯ ᠴᠠᠭᠠᠨ᠂ ᠮᠡᠨᠳᠦᠯᠡᠨ ᠵᠣᠯᠭᠠᠬᠤ ᠶᠣᠰᠣ ᠨᠢ ᠠᠷᠢᠭᠤᠨ》 ᠬᠡᠮᠡᠨ ᠢᠷᠠᠭᠤ ᠲᠤᠩ᠋ᠭᠠᠯᠠᠭ ᠢᠶᠠᠷ ᠰᠢᠯᠦᠭᠯᠡᠨ ᠬᠡᠯᠡᠭᠰᠡᠨ ᠪᠠᠢᠢᠳᠠᠭ᠃

ᠡᠨᠡᠬᠦ ᠦᠨᠳᠦᠰᠦᠨ ᠦ ᠶᠡᠬᠡ ᠪᠠᠶᠠᠷ ᠶᠣᠰᠣᠯᠠᠯ ᠢᠶᠠᠷ ᠢᠶᠠᠨ ᠮᠣᠩ᠋ᠭᠣᠯ ᠬᠦᠮᠦᠨ ᠪᠦᠷᠢ ᠡᠴᠢᠭᠡ ᠲᠩᠷᠢ᠂ ᠡᠬᠡ ᠳᠡᠯᠡᠬᠡᠢ᠂ ᠠᠭᠤᠯᠠ ᠤᠰᠤᠨ ᠳᠠᠭᠠᠨ ᠰᠦᠰᠦᠯᠥᠨ ᠮᠥᠷᠭᠥᠵᠦ᠂ ᠡᠴᠢᠭᠡ ᠡᠬᠡ᠂ ᠠᠬᠠᠰ ᠶᠡᠬᠡᠰ ᠢᠶᠡᠨ ᠬᠦᠨᠳᠦᠯᠡᠨ ᠵᠣᠯᠭᠠᠵᠤ᠂ ᠶᠡᠬᠡ ᠲᠡᠦᠬᠡ ᠪᠡᠷ ᠢᠶᠡᠨ ᠪᠠᠬᠠᠷᠬᠠᠨ᠂ ᠥᠪ ᠰᠤᠶᠤᠯ ᠢᠶᠠᠷ ᠢᠶᠠᠨ ᠭᠣᠶᠣᠵᠤ᠂ ᠦᠷ᠎ᠡ ᠬᠡᠦᠬᠡᠳ ᠦᠳ ᠲᠡᠭᠡᠨ ᠥᠪᠯᠡᠭᠦᠯᠦᠨ᠂ ᠦᠨᠡᠲᠦ ᠵᠦᠢᠯ ᠢᠶᠡᠷ ᠢᠶᠡᠨ ᠨᠢᠭᠡᠳᠴᠦ᠂ ᠦᠨᠳᠦᠰᠦᠨ ᠦ ᠳᠠᠷᠬᠠᠯᠠᠭ᠎ᠠ ᠪᠠᠨ ᠪᠡᠬᠢᠵᠢᠭᠦᠯᠳᠡᠭ ᠤᠴᠢᠷᠲᠠᠢ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯᠴᠤᠳ ᠪᠢᠳᠡ ᠮᠢᠩᠭ᠋᠎ᠠ ᠮᠢᠩ᠋ᠭᠠᠨ ᠬᠠᠪᠤᠷ ᠰᠠᠷ᠎ᠠ ᠰᠢᠨ᠎ᠡ᠂ ᠴᠠᠭᠠᠨ ᠰᠠᠷ᠎ᠠ ᠢᠢᠨ ᠪᠠᠶᠠᠷ ᠢᠶᠠᠨ ᠥᠷᠭᠡᠨ ᠳᠡᠯᠭᠡᠷ ᠲᠡᠮᠳᠡᠭᠯᠡᠵᠦ᠂ ᠥᠪ ᠰᠤᠶᠤᠯ ᠢᠶᠠᠨ ᠬᠥᠭ᠍ᠵᠢᠭᠦᠯᠵᠦ ᠢᠷᠡᠭᠰᠡᠨ ᠦ ᠤᠴᠢᠷ ᠡᠭᠦᠨ ᠳᠥ ᠣᠷᠣᠰᠢᠳᠠᠭ ᠪᠢᠯᠡ᠃

ᠡᠷᠬᠢᠮ ᠬᠦᠨᠳᠦᠳᠥ ᠠᠷᠠᠳ ᠢᠷᠭᠡᠳ ᠡ᠂

ᠤᠯᠠᠷᠢᠨ ᠣᠳᠴᠤ ᠪᠠᠢᠢᠭ᠎ᠠ 《ᠦᠵᠡᠰᠬᠦᠯᠡᠩ ᠪᠣᠯᠭᠠᠭᠴᠢ》 ᠬᠡᠮᠡᠬᠦ ᠤᠰᠤᠨ ᠲᠠᠤᠯᠠᠢ ᠵᠢᠯ ᠳᠥ ᠲᠥᠷᠥ ᠢᠢᠨ ᠲᠤᠯᠭᠠᠭᠤᠷᠢ᠂ ᠤᠯᠤᠰ ᠤᠨ ᠦᠨᠳᠦᠰᠦ ᠪᠣᠯᠤᠭᠰᠠᠨ ᠠᠢᠢᠯ ᠡᠷᠦᠬᠡ ᠨᠤᠭᠦᠳ ᠮᠠᠨᠢ 67 ᠮᠢᠩ᠋ᠭᠠᠨ ᠦᠷ᠎ᠡ ᠬᠡᠦᠬᠡᠳ ᠢᠶᠡᠷ ᠠᠮᠠ ᠪᠦᠯᠢ ᠪᠡᠨ ᠨᠡᠮᠡᠵᠦ᠂ ᠮᠣᠩ᠋ᠭᠣᠯᠴᠤᠳ ᠪᠢᠳᠡ 3 ᠰᠠᠶ᠎ᠠ 500 ᠮᠢᠩᠭ᠋ ᠠ ᠪᠣᠯᠤᠯ᠎ᠠ᠃

ᠮᠠᠯᠴᠢᠨ ᠲᠦᠮᠡᠨ ᠦ ᠮᠠᠨᠢ ᠬᠢᠴᠢᠶᠡᠯ ᠵᠢᠳᠬᠦᠯ᠂ ᠬᠠᠩ᠋ᠭᠠᠢ ᠳᠡᠯᠡᠬᠡᠢ ᠢᠢᠨ ᠢᠪᠡᠭᠡᠯ ᠬᠡᠰᠢᠭ᠌ ᠢᠶᠡᠷ ᠪᠤᠶᠠᠨᠲᠤ ᠮᠠᠯ ᠰᠦᠷᠦᠭ ᠦᠨ ᠲᠣᠭ᠎ᠠ ᠲᠣᠯᠣᠭᠠᠢ 65 ᠰᠠᠶ ᠠ ᠪᠠᠷ ᠲᠣᠭᠠᠯᠠᠭᠳᠠᠯ᠎ᠠ᠃

ᠮᠠᠨ ᠤ ᠤᠯᠤᠰ ᠤᠨ ᠡᠳ᠋ ᠦᠨ ᠵᠠᠰᠠᠭ ᠤᠨ ᠨᠥᠬᠥᠴᠡᠯ ᠪᠠᠢᠢᠳᠠᠯ ᠰᠠᠢᠢᠵᠢᠷᠠᠵᠤ᠂ ᠦᠨᠳᠦᠰᠦᠲᠡᠨ ᠦ ᠦᠢᠯᠡᠳᠪᠦᠷᠢᠯᠡᠯ ᠰᠡᠷᠭᠦᠵᠦ᠂ ᠡᠳ᠋ ᠦᠨ ᠵᠠᠰᠠᠭ ᠤᠨ ᠪᠣᠳᠠᠲᠤ ᠥᠰᠦᠯᠲᠡ 7 ᠬᠤᠪᠢ ᠳᠤ ᠬᠦᠷᠡᠯ ᠡ᠃

ᠭᠠᠳᠠᠭᠠᠳᠤ ᠸᠠᠯᠶᠦ᠋ᠲ᠋᠋ ᠤᠨ ᠠᠯᠪᠠᠨ ᠨᠥᠭᠡᠴᠡ 4.7 ᠲᠡᠷᠪᠤᠮ ᠠᠮᠠ᠂ ᠳ᠋ᠣᠯᠯᠠᠷ ᠪᠣᠯᠤᠨ ᠨᠡᠮᠡᠭᠳᠡᠵᠦ᠂ ᠮᠣᠩ᠋ᠭᠣᠯ ᠤᠯᠤᠰ ᠤᠨ ᠲᠥᠰᠥᠪ ᠴᠠᠷ᠎ ᠲᠠᠬᠤᠯ ᠠᠴᠠ ᠬᠣᠢᠢᠰᠢ ᠠᠩᠬ᠎ᠠ ᠤᠳᠠᠭ᠎ᠠ ᠠᠰᠢᠭᠲᠠᠢ ᠭᠠᠷᠤᠭᠰᠠᠨ ᠰᠠᠢᠢᠬᠠᠨ ᠮᠡᠳᠡᠭᠡᠲᠡᠢ ᠯᠤᠤ ᠵᠢᠯ ᠢᠶᠡᠨ ᠤᠭᠲᠤᠵᠤ ᠪᠠᠢᠢᠨ᠎ᠠ᠃

ᠮᠥᠨ ᠮᠠᠨ ᠤ ᠤᠯᠤᠰ ᠤᠨ ᠭᠠᠳᠠᠭᠠᠳᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠥᠷᠭᠡᠵᠢᠨ ᠲᠡᠯᠡᠵᠦ᠂ ᠲᠡᠦᠬᠡᠨ ᠳᠥ ᠲᠣᠳᠣ ᠪᠠᠷ ᠪᠢᠴᠢᠭᠳᠡᠨ ᠦᠯᠡᠳᠡᠬᠦ ᠲᠥᠷᠥ ᠢᠢᠨ ᠠᠢᠢᠯᠴᠢᠯᠠᠯ ᠤᠳ ᠠᠮᠵᠢᠯᠲᠠᠲᠠᠢ ᠬᠢᠭ᠍ᠳᠡᠵᠦ᠂ ᠮᠣᠩ᠋ᠭᠣᠯᠴᠤᠳ ᠪᠢᠳᠡᠨ ᠦ ᠪᠠᠶᠠᠯᠢᠭ ᠲᠡᠦᠬᠡ᠂ ᠪᠠᠬᠠᠳᠤᠮ᠎ᠠ ᠰᠤᠶᠤᠯ᠂ ᠰᠤᠤ ᠠᠯᠳᠠᠷ ᠢ ᠳᠡᠯᠡᠬᠡᠢ ᠳ᠋ᠠᠬᠢᠨ ᠳᠤ ᠰᠤᠷᠲᠠᠯᠴᠢᠯᠠᠨ ᠲᠠᠨᠢᠭᠤᠯᠤᠭᠰᠠᠨ᠂ ᠮᠣᠩ᠋ᠭᠣᠯ ᠢ ᠳᠡᠯᠡᠬᠡᠢ ᠳᠥ᠂ ᠳᠡᠯᠡᠬᠡᠢ ᠢᠢ ᠮᠣᠩ᠋ᠭᠣᠯ ᠳᠤ ᠣᠢᠢᠷᠠᠲᠤᠭᠤᠯᠤᠭᠰᠠᠨ ᠭᠠᠳᠠᠭᠠᠳᠤ ᠬᠠᠷᠢᠯᠴᠠᠭᠠᠨ ᠤ ᠥᠷᠨᠢᠯ ᠪᠠᠳᠠᠷᠠᠯ ᠤᠨ ᠲᠡᠦᠬᠡᠨ ᠣᠨ ᠵᠢᠯ ᠪᠠᠢᠢᠯ᠎ᠠ᠃

ᠰᠠᠷ᠎ᠠ ᠰᠢᠨ᠎ᠡ ᠢᠢᠨ ᠪᠣᠰᠬᠠᠨ ᠳᠡᠭᠡᠷ᠎ᠡ ᠬᠦᠮᠦᠨ ᠲᠥᠷᠥᠯᠬᠢᠲᠡᠨ ᠦ ᠰᠤᠶᠤᠯ ᠤᠨ ᠪᠡᠶᠡᠲᠦ ᠪᠤᠰᠤ ᠥᠪ᠂ ᠮᠣᠩ᠋ᠭᠣᠯ ᠦᠨᠳᠦᠰᠦᠲᠡᠨ ᠦ ᠪᠠᠬᠠᠷᠬᠠᠯ᠂ ᠮᠣᠩ᠋ᠭᠣᠯᠴᠤᠳ ᠪᠢᠳᠡᠨ ᠦ ᠲᠡᠦᠬᠡᠨ ᠣᠢ ᠰᠠᠨᠠᠮᠵᠢ᠂ ᠣᠶᠤᠨ ᠰᠡᠳᠬᠢᠯ᠂ ᠬᠦᠰᠡᠯ ᠲᠡᠮᠡᠦᠯᠡᠯ᠂ ᠴᠣᠭ ᠬᠡᠢᠢᠮᠣᠷᠢ ᠢᠢᠨ ᠡᠭᠡᠰᠢᠭ᠌ ᠰᠤᠳᠤᠷ ᠪᠣᠯᠤᠭᠰᠠᠨ ᠠᠷᠭ᠎ᠠ ᠪᠢᠯᠢᠭ᠌ ᠦᠨ ᠬᠣᠣᠰ ᠴᠢᠪᠬᠠᠳᠠᠰᠤᠲᠤ᠂ ᠠᠶ᠎ᠠ ᠬᠥᠭ᠌ ‍ᠥᠨ ᠢᠷᠠᠭᠤ ᠳᠠᠭᠤᠷᠢᠰᠤᠯᠲᠥ ᠮᠣᠷᠢᠨ ᠬᠤᠭᠤᠷ ᠢᠶᠠᠨ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠲᠤᠬᠠᠢ ᠵᠠᠷᠯᠢᠭ ᠢ ᠮᠣᠩ᠋ᠭᠣᠯ ᠤᠯᠤᠰ ᠤᠨ ᠲᠥᠷᠥ ᠢᠢᠨ ᠲᠡᠷᠢᠭᠦᠨ ᠭᠠᠷᠭᠠᠯ᠎ᠠ᠃

ᠬᠥᠬᠡ ᠲᠩᠷᠢ ᠢᠢᠨ ᠬᠦᠴᠦᠲᠡᠨ ᠯᠤᠤ ᠵᠢᠯ ᠳᠡᠭᠡᠨ ᠮᠣᠷᠢᠨ ᠳᠡᠯ ᠠ ᠳᠡᠭᠡᠷ᠎ᠡ ᠠᠰᠠᠭᠰᠠᠨ ᠮᠣᠩ᠋ᠭᠣᠯ ᠲᠦᠮᠡᠨ ᠦ ᠰᠦᠯᠳᠡ ᠬᠡᠢᠢᠮᠣᠷᠢ ᠪᠣᠰᠤᠭ᠎ᠠ ᠮᠣᠩ᠋ᠭᠣᠯ ᠪᠢᠴᠢᠭ᠌ ᠰᠢᠭ ᠢᠶᠡᠨ ᠥᠭᠡᠳᠡ ᠪᠡᠨ ᠪᠠᠢᠢᠵᠤ᠂ ᠮᠣᠯᠣᠷ ᠡᠷᠳᠡᠨᠢ ᠢᠢᠨ ᠪᠡᠯᠭᠡᠳᠡᠯ ᠳᠥ ᠮᠣᠷᠢᠨ ᠬᠤᠭᠤᠷ ᠤᠨ ᠠᠶᠠᠯᠭᠤ ᠠᠢᠢᠯ ᠪᠦᠷᠢ ᠢᠢᠨ ᠬᠣᠢᠢᠮᠣᠷ ᠲᠤ ᠡᠭᠡᠰᠢᠭᠯᠡᠨ ᠬᠥᠭ᠍ᠵᠢᠵᠦ᠂ ᠮᠣᠩ᠋ᠭᠣᠯ ᠥᠪ ᠰᠤᠶᠤᠯ᠂ ᠵᠠᠩ ᠵᠠᠩᠰᠢᠯ ᠦᠶ᠎ᠡ ᠢᠢᠨ ᠦᠶ᠎ᠡ ᠳᠦ ᠲᠦᠭᠡᠨ ᠳᠡᠯᠭᠡᠷᠡᠵᠥ ᠪᠠᠢᠢᠬᠤ ᠪᠣᠯᠲᠤᠭᠠᠢ᠃

ᠮᠢᠨᠦ ᠮᠣᠩ᠋ᠭᠣᠯ ᠤᠨ ᠠᠷᠠᠳ ᠢᠷᠭᠡᠳ ᠡ᠂

ᠳᠠᠶᠠᠩ ᠳᠡᠯᠡᠬᠡᠢ ᠳᠥ ᠲᠠᠷᠬᠠᠨ ᠰᠠᠭᠤᠭ᠎ᠠ ᠡᠯᠢᠭᠡ ᠨᠢᠭᠡᠲᠦ ᠮᠣᠩ᠋ᠭᠣᠯ ᠠᠬᠠᠨ ᠳᠡᠭᠦᠥ ᠨᠠᠷ ᠡ᠂

ᠮᠣᠩ᠋ᠭᠣᠯ ᠬᠦᠮᠦᠨ ᠪᠦᠷᠢ ᠡᠵᠡᠨ ᠴᠢᠩ᠋ᠭᠢᠰ ᠬᠠᠭᠠᠨ ᠤ ᠪᠠᠢᠢᠭᠤᠯᠤᠭᠰᠠᠨ ᠶᠡᠬᠡ ᠮᠣᠩ᠋ᠭᠣᠯ ᠤᠯᠤᠰ ᠤᠨ ᠭᠠᠯ ᠭᠣᠯᠣᠮᠲᠠ ᠢᠢ ᠰᠠᠬᠢᠨ ᠰᠠᠭᠤᠭ᠎ᠠ ᠪᠠᠨ ᠭᠦᠨ᠎ᠡ ᠤᠬᠠᠮᠰᠠᠷᠯᠠᠵᠤ᠂ ᠶᠡᠬᠡ ᠬᠠᠭᠠᠨ ᠤ ᠪᠠᠨ ᠪᠢᠯᠢᠭ᠌ ᠰᠤᠷᠭᠠᠯ ᠢ ᠳᠠᠭᠠᠨ ᠮᠥᠷᠳᠡᠵᠦ᠂ ᠬᠠᠯᠠᠭᠤᠨ ᠵᠠᠭᠤᠷ᠎ᠠ ᠪᠠᠨ ᠡᠶ᠎ᠡ ᠡᠪ ᠢᠶᠡᠨ ᠬᠢᠴᠢᠶᠡᠵᠦ᠂ ᠨᠢᠭᠡ ᠮᠣᠩ᠋ᠭᠣᠯ᠂ ᠨᠢᠭᠡ ᠠᠷᠠᠳ ᠲᠦᠮᠡᠨ᠂ ᠨᠢᠭᠡ ᠭᠡᠷ ᠪᠦᠯᠢ ᠭᠡᠳᠡᠭ ᠢᠶᠡᠨ ᠢᠮᠠᠭᠲᠠ ᠰᠠᠨᠠᠵᠤ᠂ ᠠᠭᠤᠳᠠᠮ ᠬᠠᠷᠠᠵᠤ ᠠᠭᠤᠵᠢᠮ ᠰᠡᠳᠬᠢᠨ᠂ ᠪᠡᠶ᠎ᠡ ᠪᠡᠶ᠎ᠡ ᠪᠡᠨ ᠬᠠᠢᠢᠷᠠᠯᠠᠵᠤ᠂ ᠪᠡᠶ᠎ᠡ ᠪᠡᠶ᠎ᠡ ᠪᠡᠨ ᠳᠡᠮᠵᠢᠵᠦ᠂ ᠡᠯᠢᠭᠡ ᠵᠢᠷᠦᠬᠡᠨ ᠡᠴᠡ ᠤᠶᠠᠭᠠᠲᠠᠢ ᠡ᠊ᠩᠬᠦᠷᠡᠢ ᠮᠣᠩ᠋ᠭᠣᠯ ᠣᠷᠣᠨ ᠢᠶᠠᠨ ᠮᠠᠨᠳᠤᠭᠤᠯᠤᠨ ᠬᠥᠭ᠍ᠵᠢᠭᠦᠯᠬᠦ ᠤᠴᠢᠷᠲᠠᠢ᠃

ᠰᠠᠷ᠎ᠠ ᠰᠢᠨ᠎ᠡ ᠢᠢᠨ ᠪᠠᠶᠠᠷ ᠤᠨ ᠡᠨᠡ ᠡᠳᠦᠷ ᠥᠨᠢ ᠡᠷᠲᠡᠨ ᠦ ᠲᠡᠦᠬᠡ ᠲᠡᠢ ᠨᠡᠭᠦᠳᠡᠯᠴᠢᠨ ᠲᠦᠮᠡᠨ ᠦ ᠥᠪ ᠰᠤᠶᠤᠯ᠂ ᠡᠷᠳᠡᠮ ᠤᠬᠠᠭᠠᠨ ᠢ ᠥᠪᠯᠡᠨ ᠲᠡᠭᠡᠭᠡᠭ᠍ᠴᠢ᠂ ᠡᠷᠳᠡᠨᠢᠲᠦ ᠮᠠᠯ ᠰᠦᠷᠦᠭ ᠦᠨ ᠡᠵᠡᠨ ᠮᠠᠯᠴᠢᠨ ᠲᠦᠮᠡᠨ ᠳᠡᠭᠡᠨ ᠡᠪᠦᠯ ᠢ ᠥᠩᠲᠡᠢ᠂ ᠬᠠᠪᠤᠷ ᠢ ᠬᠠᠪᠤᠲᠠᠢ ᠳᠠᠪᠠᠵᠤ᠂ ᠳᠡᠯᠭᠡᠷ ᠰᠠᠢᠢᠬᠠᠨ ᠵᠤᠨ ᠲᠠᠢ ᠵᠣᠯᠭᠠᠬᠤ ᠢᠢᠨ ᠥᠯᠵᠡᠢ ᠲᠡᠢ ᠰᠠᠢᠢᠬᠠᠨ ᠢᠷᠦᠭᠡᠯ ᠢ ᠡᠷᠭᠦᠨ ᠳᠡᠪᠰᠢᠭᠦᠯᠦᠶ᠎ᠡ᠃

ᠲᠩᠷᠢ ᠰᠢᠭ ᠢᠶᠡᠨ ᠲᠡᠨᠢᠭᠦᠨ ᠰᠡᠳᠬᠢᠯ ᠲᠡᠢ᠂ ᠲᠠᠯ᠎ᠠ ᠰᠢᠭ᠋ ᠢᠶᠡᠨ ᠠᠭᠤᠵᠢᠮ ᠤᠬᠠᠭᠠᠨ ᠲᠠᠢ ᠮᠣᠩ᠋ᠭᠣᠯ ᠲᠦᠮᠡᠨ ᠦ ᠮᠢᠨᠢ ᠴᠣᠭ ᠬᠡᠢᠢᠮᠣᠷᠢ᠂ ᠪᠤᠶᠠᠨ ᠵᠠᠶᠠᠭ᠎ᠠ ᠢᠢ ᠶᠡᠬᠡ ᠡᠵᠡᠨ ᠴᠢᠩ᠋ᠭᠢᠰ ᠬᠠᠭᠠᠨ ᠤ ᠰᠦᠷ ᠬᠦᠴᠦ᠂ ᠰᠤᠤ ᠠᠯᠳᠠᠷ ᠥᠨᠢ ᠮᠥᠩᠬᠡ ᠳᠥ ᠢᠪᠡᠭᠡᠬᠦ ᠪᠣᠯᠲᠤᠭᠠᠢ᠃

ᠰᠠᠷ᠎ᠠ ᠰᠢᠨ᠎ᠡ ᠳᠡᠭᠡᠨ ᠰᠠᠢᠢᠬᠠᠨ ᠰᠢᠨᠡᠯᠡᠭᠡᠷᠡᠢ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃