《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ ᠬᠣᠶᠠᠷ ᠵᠢᠯ ᠦᠨ ᠬᠤᠭᠤᠴᠠᠭᠠᠨ ᠳᠤ 41.5 ᠰᠠᠶ᠎ᠠ ᠮᠣᠳᠣ ᠲᠠᠷᠢᠵᠤ ᠤᠷᠭᠤᠭᠤᠯᠤᠭᠠᠳ ᠪᠠᠢᠢᠨ᠎ᠠ᠃ ᠤᠯᠤᠰ ᠤᠨ ᠬᠡᠮᠵᠢᠶᠡᠨ ᠳᠥ ᠦᠢᠯᠡ ᠠᠵᠢᠯᠯᠠᠭ᠎ᠠ ᠶᠠᠪᠤᠭᠤᠯᠵᠤ ᠪᠠᠢᠢᠭ᠎ᠠ ᠮᠣᠳᠣ ᠦᠷᠡᠵᠢᠭᠦᠯᠭᠡ ᠢᠢᠨ ᠭᠠᠵᠠᠷ ᠤᠨ ᠲᠣᠭ᠎ᠠ 452 ᠪᠣᠯᠵᠤ᠂ 39 ᠵᠦᠢᠯ ᠦᠨ ᠮᠣᠳᠣ ᠰᠥᠭᠡᠭ᠌ ᠥᠨ 12 ᠲᠣᠨ᠋ᠨ ᠦᠷ᠎ᠡ᠂ 63 ᠰᠠᠶ᠎ᠠ ᠰᠢᠷᠬᠡᠭ᠌ ᠲᠠᠷᠢᠴᠠ᠂ ᠰᠠᠭᠤᠯᠭᠠᠴᠠ ᠢᠢᠨ ᠨᠥᠭᠡᠴᠡ ᠪᠦᠷᠢᠳᠦᠭᠦᠯᠵᠡᠢ᠃
2023 ᠣᠨ ᠳᠤ 275 ᠮᠢᠩ᠋ᠭᠠᠨ ᠭᠠ ᠲᠠᠯᠠᠪᠠᠢ ᠢᠢᠨ ᠲᠡᠷᠪᠤᠮ ᠣᠷᠴᠢᠮ ᠮᠣᠳᠣ ᠢᠢ ᠬᠣᠣᠷᠲᠠᠨ ᠰᠢᠪᠠᠵᠢ ᠠᠴᠠ ᠬᠠᠮᠠᠭᠠᠯᠠᠵᠤ᠂ ᠳᠣᠷᠣᠢᠢᠲᠠᠯ ᠳᠤ ᠥᠷᠲᠥᠨ᠂ ᠬᠠᠳᠠᠵᠤ ᠬᠠᠭᠤᠷᠠᠢᠢᠰᠢᠬᠤ ᠠᠴᠠ ᠰᠡᠷᠭᠡᠢᠢᠯᠡᠵᠦ ᠴᠢᠳᠠᠭᠰᠠᠨ ᠪᠥᠭᠡᠳ ᠡᠨᠡ ᠵᠢᠯ 300 ᠭᠠᠷᠤᠢ ᠮᠢᠩ᠋ᠭᠠᠨ ᠭᠠ ᠲᠠᠯᠠᠪᠠᠢ ᠢᠢ ᠣᠢ ᠢᠢᠨ ᠬᠥᠨᠥᠭᠡᠯᠲᠦ ᠰᠢᠪᠠᠵᠢ ᠠᠴᠠ ᠬᠠᠮᠠᠭᠠᠯᠠᠬᠤ ᠳᠤ 20 ᠭᠠᠷᠤᠢ ᠲᠡᠷᠪᠤᠮ ᠲᠥᠭᠥᠷᠢᠭ᠌ ᠵᠠᠷᠤᠴᠠᠭᠤᠯᠬᠤ ᠶᠤᠮ᠃
ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠲᠠᠷᠢᠬᠤ ᠨᠡᠢᠢᠲᠡ ᠮᠣᠳᠣᠨ ᠤ 50 ᠭᠠᠷᠤᠢ ᠬᠤᠪᠢ ᠢᠢ ᠠᠭᠤᠯᠠ ᠠᠭᠤᠷᠬᠠᠢ ᠢᠢᠨ ᠻᠣᠮᠫᠠᠨᠢ ᠨᠤᠭᠤᠳ ᠲᠠᠷᠢᠬᠤ ᠪᠣᠯ ᠮᠣᠩ᠋ᠭᠣᠯ ᠪᠠᠩᠻᠢ᠂ ᠠᠷᠠᠯᠵᠢᠶᠠᠨ ᠤ ᠪᠠᠩᠻᠢ ᠨᠤᠭᠤᠳ 《ᠲᠡᠷᠪᠤᠮ ᠮᠣᠳᠣ ᠰᠠᠩ》 ᠪᠠᠢᠢᠭᠤᠯᠤᠨ ᠲᠥᠰᠦᠯ᠂ ᠬᠥᠲᠦᠯᠪᠦᠷᠢ ᠨᠤᠭᠦᠳ ᠲᠥ ᠨᠣᠭᠣᠭᠠᠨ ᠰᠠᠩᠬᠦᠵᠢᠯᠲᠡ ᠣᠯᠭᠤᠵᠤ ᠪᠠᠢᠢᠨ᠎ᠠ᠃
ᠮᠣᠩ᠋ᠭᠣᠯ ᠤᠯᠤᠰ ᠧᠦ᠋ᠷᠣᠫᠠ ᠢᠢᠨ ᠬᠣᠯᠪᠣᠭᠠᠨ ᠤ 《ᠣᠢ ᠢᠢᠨ ᠲᠦᠩᠰᠢᠯᠡᠯ》 ᠳ᠋ᠥ ᠨᠢᠭᠡᠳᠦᠨ ᠣᠷᠣᠭᠰᠠᠨ ᠠᠽᠢ ᠲᠢᠢᠪ ᠦᠨ ᠠᠩᠬᠠᠨ ᠤ ᠤᠯᠤᠰ ᠪᠣᠯᠵᠤ᠂ ᠡᠨᠡ ᠬᠦᠷᠢᠶᠡᠨ ᠳᠥ ᠲᠥᠯᠦᠪᠯᠡᠭᠡ ᠪᠣᠯᠪᠠᠰᠤᠷᠠᠭᠤᠯᠤᠨ ᠬᠡᠷᠡᠭᠵᠢᠭᠦᠯᠵᠦ ᠡᠬᠢᠯᠡᠭᠡᠳ ᠪᠠᠢᠢᠨ᠎ᠠ᠃
《ᠡᠷᠳᠡᠨᠢᠲᠦ ᠦᠢᠯᠡᠳᠪᠦᠷᠢ》 ᠲᠥᠷᠥ ᠢᠢᠨ ᠥᠮᠴᠢᠲᠤ ᠦᠢᠯᠡᠳᠪᠦᠷᠢ ᠢᠢᠨ ᠭᠠᠵᠠᠷ 《ᠣᠢ ᠢᠢᠨ ᠭᠧᠨᠧᠲ᠋ᠢᠻ ᠨᠥᠭᠡᠴᠡ ᠢᠢᠨ ᠲᠥᠪ》 ᠪᠣᠯᠤᠨ 《ᠬᠥᠷᠦᠰᠦᠨ ᠦ ᠢᠨ᠋᠊ᠨᠣᠸᠠᠼ᠂ ᠲᠧᠭᠨᠣᠯᠣᠭᠢ ᠢᠢᠨ ᠲᠥᠪ》 ᠪᠠᠢᠢᠭᠤᠯᠤᠨ ᠣᠢ ᠢᠢᠨ ᠰᠠᠯᠪᠤᠷᠢ ᠢᠢᠨ ᠳᠡᠳ᠋ ᠪᠦᠲᠦᠴᠡ ᠢᠢ ᠪᠡᠬᠢᠵᠢᠭᠦᠯᠬᠦ ᠳᠥ ᠲᠣᠮᠣᠬᠠᠨ ᠬᠥᠷᠥᠩ᠋ᠭᠡ ᠣᠷᠣᠭᠤᠯᠤᠯᠲᠠ ᠬᠢᠯ᠎ᠡ᠃
ᠮᠣᠩ᠋ᠭᠣᠯ ᠤᠯᠤᠰ ᠣᠢ ᠪᠠᠨ ᠬᠠᠮᠠᠭᠠᠯᠠᠬᠤ᠂ ᠨᠥᠬᠥᠨ ᠰᠡᠷᠭᠦᠭᠡᠬᠦ ᠴᠢᠭᠯᠡᠯ ᠢᠶᠡᠷ ᠢᠳᠡᠪᠬᠢᠲᠡᠢ ᠪᠠᠢᠢᠷᠢ ᠰᠠᠭᠤᠷᠢ ᠪᠠᠷᠢᠮᠲᠠᠯᠠᠵᠤ᠂ ᠣᠯᠠᠨ ᠤᠯᠤᠰ ᠤᠨ ᠲᠦᠪᠰᠢᠨ ᠳᠥ ᠣᠯᠠᠨ ᠰᠠᠨᠠᠯ᠂ ᠰᠠᠨᠠᠭᠠᠴᠢᠯᠠᠭ᠎ᠠ ᠳᠡᠪᠰᠢᠭᠦᠯᠦᠨ ᠠᠵᠢᠯᠯᠠᠵᠤ ᠪᠠᠢᠢᠨ᠎ᠠ᠃
ᠲᠤᠬᠠᠢᠢᠯᠠᠪᠠᠯ 2024 ᠣᠨ ᠤ ᠨᠠᠢᠮᠠᠳᠤᠭᠠᠷ ᠰᠠᠷ᠎ᠠ ᠳᠤ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠲᠠᠢ ᠬᠠᠮᠲᠤᠷᠠᠨ 《ᠳᠡᠯᠡᠬᠡᠢ ᠢᠢᠨ ᠡᠮᠡᠭᠲᠡᠢᠢᠴᠦᠳ ᠦᠨ ᠴᠢᠭᠤᠯᠭ᠎ᠠ ᠠᠭᠤᠯᠵᠠᠯᠲᠠ》᠂ 2026 ᠣᠨ ᠳᠤ ᠴᠥᠯᠵᠢᠯᠲᠡ ᠢᠢᠨ ᠲᠤᠬᠠᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠻᠣ᠌ᠨ᠋ᠸᠧᠨ᠋ᠼᠢ ᠢᠢᠨ ᠲᠠᠯ ᠠ ᠨᠤᠭ᠋ᠳ ᠤᠨ 17 ᠳ᠋ᠤᠭᠠᠷ ᠪᠠᠭ᠎ᠠ ᠬᠤᠷᠠᠯ ᠢ ᠡᠬᠡ ᠣᠷᠣᠨ ᠳᠠᠭᠠᠨ ᠵᠣᠬᠢᠶᠠᠨ ᠪᠠᠢᠢᠭᠤᠯᠬᠤ ᠶᠤᠮ᠃
ᠲᠡᠭᠦᠨᠴᠢᠯᠡᠨ 2026 ᠣᠨ ᠢ 《ᠪᠡᠯᠴᠢᠭᠡᠷ ᠪᠠ ᠨᠡᠭᠦᠳᠡᠯ ᠦᠨ ᠮᠠᠯ ᠠᠵᠤ ᠠᠬᠤᠢ ᠡᠷᠬᠢᠯᠡᠭᠴᠢᠳ ᠦᠨ ᠣᠯᠠᠨ ᠤᠯᠤᠰ ᠤᠨ ᠵᠢᠯ》 ᠪᠣᠯᠭᠠᠬᠤ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠢᠢᠨ ᠲᠣᠭᠲᠠᠭᠠᠯ ᠢ ᠰᠠᠨᠠᠭᠠᠴᠢᠯᠠᠨ ᠪᠠᠲᠤᠯᠠᠭᠤᠯᠤᠭᠠᠳ ᠪᠠᠢᠢᠨ᠎ᠠ᠃