Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠄ ᠡᠮᠡᠭᠲᠡᠢ ᠠᠬᠠᠯᠠᠭᠴᠢᠳ ᠢ ᠪᠦᠬᠦ ᠲᠠᠯ᠎ᠠ ᠪᠠᠷ ᠳᠡᠮᠵᠢᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠵᠤ ᠪᠤᠢ 《ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠡᠮᠡᠭᠲᠡᠢ ᠠᠬᠠᠯᠠᠭᠴᠢᠳ ᠤᠨ ᠠᠩᠬᠠᠳᠤᠭᠠᠷ ᠴᠢᠭᠤᠯᠭ᠎ᠠ ᠠᠭᠤᠯᠵᠠᠯᠲᠠ》 ᠲᠥᠷᠦ ᠢᠢᠨ ᠣᠷᠳᠣᠨ ᠳᠤ ᠪᠣᠯᠵᠤ ᠪᠠᠢᠢᠨ᠎ᠠ᠃

ᠴᠢᠭᠤᠯᠭᠠᠨ ᠢᠶᠠᠷ ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠬᠥᠭ᠍ᠵᠢᠯ ᠳᠥ ᠡᠮᠡᠭᠲᠡᠢ ᠠᠬᠠᠯᠠᠭᠴᠢᠳ ᠤᠨ ᠮᠠᠩᠯᠠᠢᠢᠯᠠᠯ᠂ ᠣᠷᠣᠯᠴᠠᠭ᠎ᠠ᠂ ᠠᠬᠠᠯᠠᠭᠴᠢᠳ ᠲᠤ ᠲᠤᠯᠭᠠᠮᠳᠠᠵᠤ ᠪᠠᠢᠢᠭ᠎ᠠ ᠠᠰᠠᠭᠤᠳᠠᠯ᠂ ᠰᠢᠢᠳᠪᠦᠷᠢᠯᠡᠬᠦ ᠠᠷᠭ᠎ᠠ ᠵᠠᠮ ᠢ ᠶᠠᠷᠢᠯᠴᠠᠵᠤ᠂ ᠴᠢᠨᠠᠭᠰᠢᠳᠠ ᠢᠢᠨ ᠪᠣᠳᠣᠯᠭ᠎ᠠ᠂ ᠵᠣᠷᠢᠯᠲᠠ ᠪᠠᠨ ᠲᠣᠳᠣᠷᠬᠠᠢᠢᠯᠠᠬᠤ ᠶᠤᠮ᠃

ᠮᠥᠨ 《ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠠᠬᠠᠯᠠᠭᠴᠢᠳ ᠤᠨ ᠪᠣᠯᠪᠠᠰᠤᠷᠠᠯ᠂ ᠮᠡᠷᠭᠡᠵᠢᠯ᠂ ᠨᠡᠢᠢᠭᠡᠮ ᠤᠨ ᠪᠠᠢᠢᠳᠠᠯ᠂ ᠠᠬᠠᠯᠠᠭᠴᠢ ᠢᠢᠨ ᠠᠯᠪᠠᠨ ᠤ ᠰᠢᠨᠡᠴᠢᠯᠡᠯ》 ᠲᠥᠰᠥᠯ ᠦᠨ ᠦᠷ᠎ᠡ ᠳ᠋ᠦᠩ᠂ 《ᠠᠬᠠᠯᠠᠭᠴᠢ ᠢᠢᠨ ᠠᠯᠪᠠ ᠢᠢ ᠬᠥᠭ᠍ᠵᠢᠭᠦᠯᠬᠦ ᠬᠥᠲᠥᠯᠪᠦᠷᠢ-2027》 ᠲᠥᠰᠥᠯ ᠢ ᠬᠡᠯᠡᠯᠴᠡᠨ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠴᠢᠭᠤᠯᠭᠠᠨ ᠳᠤ ᠣᠷᠣᠯᠴᠠᠨ᠂ ᠡᠬᠡ ᠣᠷᠣᠨ᠂ ᠲᠥᠷᠥ᠂ ᠠᠷᠠᠳ ᠲᠦᠮᠡᠨ ᠦ ᠪᠡᠨ ᠠᠶᠤᠯ ᠦᠭᠡᠢ ᠪᠠᠢᠢᠳᠠᠯ ᠤᠨ ᠲᠥᠯᠥᠭᠡ ᠡᠷᠡᠴᠦᠳ ᠲᠡᠢ ᠮᠥᠷᠥ ᠵᠡᠷᠭᠡᠴᠡᠨ ᠬᠦᠴᠦᠨ ᠵᠢᠳᠬᠦᠵᠦ ᠪᠤᠢ ᠡᠮᠡᠭᠲᠡᠢ ᠠᠬᠠᠯᠠᠭᠴᠢᠳ ᠲᠤ ᠲᠠᠯᠠᠷᠬᠠᠯ ᠢᠯᠡᠷᠬᠡᠢᠢᠯᠡᠯ᠎ᠡ᠃ ᠮᠣᠩ᠋ᠭᠣᠯ ᠤᠯᠤᠰ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠳᠤ ᠴᠡᠷᠢᠭ ᠬᠠᠨᠳᠢᠪᠯᠠᠭᠴᠢ ᠣᠷᠣᠨ ᠨᠤᠭᠤᠳ ᠠᠴᠠ ᠡᠮᠡᠭᠲᠡᠢ ᠡ᠊ᠩᠬᠡ ᠢᠢ ᠰᠠᠬᠢᠭᠤᠯᠤᠭᠴᠢᠳ ᠤᠨ ᠲᠣᠭ᠎ᠠ ᠪᠠᠷ 17 ᠳ᠋ᠤᠭᠠᠷ ᠲᠤ ᠡᠷᠢᠮᠪᠡᠯᠡᠭᠳᠡᠳᠡᠭ᠌ ᠪᠥᠭᠡᠳ ᠴᠡᠩᠬᠡᠷ ᠳᠤᠭᠤᠯᠭᠠᠲᠠᠨ ᠡᠮᠡᠭᠲᠡᠢ ᠠᠯᠪᠠ ᠬᠠᠭᠠᠭᠴᠢᠳ ᠤᠨ ᠮᠡᠷᠭᠡᠵᠢᠯ ᠦᠨ ᠤᠷ᠎ᠠ ᠴᠢᠳᠠᠪᠤᠷᠢ᠂ ᠪᠡᠶ᠎ᠡ ᠪᠢᠯᠳᠠᠷ᠂ ᠰᠡᠳᠬᠢᠯ ᠵᠦᠢ ᠢᠢᠨ ᠪᠡᠯᠡᠳᠬᠡᠯᠵᠢᠯᠲᠡ ᠢᠢ ᠣᠯᠠᠨ ᠤᠯᠤᠰ ᠥᠨᠳᠥᠷ ᠢᠢᠡᠷ ᠦᠨᠡᠯᠡᠵᠦ ᠪᠠᠢᠢᠳᠠᠭ ᠢ ᠣᠨᠴᠠᠯᠠᠪᠠ᠃

ᠠᠬᠠᠯᠠᠭᠴᠢᠳ ᠪᠣᠯ ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠮᠡᠷᠭᠡᠵᠢᠯ ᠦᠨ ᠪᠦᠷᠢᠯᠳᠦᠬᠦᠨ ᠦ ᠦᠨᠳᠦᠰᠦᠨ ᠬᠦᠴᠦ ᠪᠥᠭᠡᠳ ᠲᠤᠬᠠᠢ ᠢᠢᠨ ᠪᠠᠢᠢᠭᠤᠯᠤᠯᠭ᠎ᠠ ᠢᠢᠨ ᠪᠡᠯᠡᠨ ᠪᠠᠢᠢᠳᠠᠯ᠂ ᠡᠭᠦᠷᠭᠡ ᠭᠦᠢᠴᠡᠳᠭᠡᠬᠦ ᠴᠢᠳᠠᠪᠬᠢ ᠲᠡᠳᠡᠨ ᠡᠴᠡ ᠰᠢᠭᠤᠳ ᠬᠠᠮᠢᠶᠠᠷᠤᠯᠲᠠᠢ ᠭᠡᠵᠦ ᠶᠡᠷᠦᠩᠬᠡᠢᠢᠯᠡᠭᠴᠢ ᠦᠵᠡᠳᠡᠭ᠃

ᠡᠢᠢᠮᠦ ᠡᠴᠡ ᠠᠬᠠᠯᠠᠭᠴᠢ ᠢᠢ ᠪᠦᠬᠦ ᠲᠠᠯ᠎ᠠ ᠪᠠᠷ ᠳᠡᠮᠵᠢᠬᠦ᠂ ᠮᠡᠷᠭᠡᠵᠢᠯ ᠦᠨ ᠲᠦᠪᠰᠢᠨ ᠳᠥ ᠪᠡᠯᠡᠳᠬᠡᠬᠦ᠂ ᠴᠢᠳᠠᠪᠬᠢᠵᠢᠭᠤᠯᠤᠨ ᠬᠥᠭ᠍ᠵᠢᠭᠦᠯᠬᠦ᠂ ᠭᠡᠷ ᠪᠦᠯᠢ᠂ ᠨᠡᠢᠢᠭᠡᠮ ᠤᠨ ᠬᠠᠮᠠᠭᠠᠯᠠᠯ ᠤᠨ ᠠᠰᠠᠭᠤᠳᠠᠯ ᠢ ᠴᠣᠭᠴᠠ ᠪᠠᠷ ᠨᠢ ᠰᠢᠢᠳᠪᠦᠷᠢᠯᠡᠬᠦ ᠵᠣᠷᠢᠯᠭ᠎ᠠ ᠪᠠᠷ 2024 ᠣᠨ ᠢ 《ᠠᠬᠠᠯᠠᠭᠴᠢ ᠢᠢᠨ ᠵᠢᠯ》 ᠪᠣᠯᠭᠠᠭᠰᠠᠨ ᠶᠤᠮ᠃

ᠲᠡᠷᠡ ᠪᠡᠷ᠎ ᠡᠮᠡᠭᠲᠡᠢ ᠠᠬᠠᠯᠠᠭᠴᠢᠳ ᠤᠨ ᠠᠵᠢᠯ ᠦᠢᠯᠡᠰ᠂ ᠪᠣᠳᠣᠯᠭ᠎ᠠ᠂ ᠵᠣᠷᠢᠯᠲᠠ ᠢᠢ ᠢᠮᠠᠭᠲᠠ ᠳᠡᠮᠵᠢᠨ ᠠᠵᠢᠯᠯᠠᠬᠤ ᠪᠣᠯᠤᠨ᠎ᠠ ᠭᠡᠳᠡᠭ ᠢᠶᠡᠨ ᠢᠯᠡᠷᠬᠡᠢᠢᠯᠡᠯ᠎ᠡ᠃ ᠮᠥᠨ ᠡᠬᠡ ᠣᠷᠣᠨ ᠤ ᠪᠠᠨ ᠠᠶᠤᠯ ᠦᠭᠡᠢ ᠪᠠᠢᠢᠳᠠᠯ᠂ ᠲᠥᠷᠦ᠂ ᠨᠡᠢᠢᠭᠡᠮ᠂ ᠢᠷᠭᠡᠳ ᠦᠨ ᠠᠮᠤᠷ ᠲᠠᠢᠢᠪᠤᠩ ᠠᠮᠢᠳᠤᠷᠠᠯ ᠤᠨ ᠲᠥᠯᠦᠭᠡ ᠬᠦᠴᠦᠨ ᠵᠢᠳᠬᠦᠵᠦ ᠪᠠᠢᠢᠭ᠎ᠠ ᠠᠬᠠᠯᠠᠭᠴᠢᠳ ᠲᠤ ᠪᠣᠯᠤᠨ ᠲᠡᠳᠡᠨ ᠦ ᠨᠠᠢᠢᠳᠠᠪᠤᠷᠢᠲᠠᠢ ᠠᠷᠤ ᠲᠠᠯ᠎ᠠ ᠪᠣᠯᠤᠭᠰᠠᠨ ᠭᠡᠷ ᠪᠦᠯᠢ᠂ ᠦᠷ᠎ᠡ ᠬᠡᠦᠬᠡᠳ ᠲᠥ ᠨᠢ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃

《ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠡᠮᠡᠭᠲᠡᠢ ᠠᠬᠠᠯᠠᠭᠴᠢᠳ ᠤᠨ ᠠᠩᠬᠠᠳᠤᠭᠠᠷ ᠴᠢᠭᠤᠯᠭ᠎ᠠ ᠠᠭᠤᠯᠵᠠᠯᠲᠠ》 ᠳ᠋ᠤ 500 ᠭᠠᠷᠤᠢ ᠠᠯᠪᠠ ᠬᠠᠭᠠᠭᠴᠢ ᠣᠷᠣᠯᠴᠠᠵᠤ ᠪᠠᠢᠢᠨ᠎ᠠ᠃

ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠨᠡᠢᠢᠲᠡ ᠪᠡᠶ᠎ᠡ ᠪᠦᠷᠢᠯᠳᠦᠬᠦᠨ ᠦ 10 ᠭᠠᠷᠤᠢ ᠬᠤᠪᠢ ᠢᠢ ᠡᠮᠡᠭᠲᠡᠢ ᠠᠬᠠᠯᠠᠭᠴᠢᠳ ᠡᠵᠡᠯᠡᠳᠡᠭ᠃ ᠴᠡᠷᠢᠭ ᠦᠨ ᠲᠡᠳᠬᠦᠪᠦᠷᠢ ᠲᠣᠭᠲᠠᠭᠠᠯᠭᠠᠵᠤ ᠪᠠᠢᠢᠭ᠎ᠠ ᠡᠮᠡᠭᠲᠡᠢ ᠠᠬᠠᠯᠠᠭᠴᠢ ᠢᠢᠨ ᠳᠤᠮᠳᠠᠵᠢ ᠨᠠᠰᠤ 42᠂ ᠠᠵᠢᠯᠯᠠᠭᠰᠠᠨ ᠵᠢᠯ 20 ᠪᠠᠢᠢᠨ᠎ᠠ᠃


ᠰᠡᠭᠦᠯ ᠦᠨ ᠭᠤᠷᠪᠠᠨ ᠵᠢᠯ ᠳᠥ ᠡᠮᠡᠭᠲᠡᠢ ᠠᠬᠠᠯᠠᠭᠴᠢᠳ ᠠᠴᠠ 21 ᠬᠦᠮᠦᠨ ᠭᠠᠳᠠᠭᠠᠳᠤ ᠢᠢᠨ ᠤᠯᠤᠰ ᠣᠷᠣᠨ ᠨᠤᠭᠤᠳ ᠲᠤ ᠮᠡᠷᠭᠡᠵᠢᠯ ᠳᠡᠭᠡᠭ᠍ᠰᠢᠯᠡᠭᠦᠯᠵᠦ᠂ 130 ᠭᠠᠷᠤᠢ ᠨᠢ ᠭᠠᠳᠠᠭᠠᠳᠤ ᠬᠡᠯᠡᠨ ᠦ ᠳᠠᠮᠵᠢᠶᠠᠨ ᠳᠤ ᠰᠤᠷᠤᠯᠴᠠᠭᠰᠠᠨ ᠪᠥᠭᠡᠳ 93 ᠠᠬᠠᠯᠠᠭᠴᠢ ᠮᠠᠭᠢᠰᠲ᠋ᠷ᠂ ᠨᠢᠭᠡ ᠠᠬᠠᠯᠠᠭᠴᠢ ᠳ᠋ᠣᠻᠲ᠋ᠣᠷ ᠤᠨ ᠵᠡᠷᠭᠡᠲᠡᠢ ᠭᠡᠰᠡᠨ ᠰᠤᠳᠤᠯᠭ᠎ᠠ ᠭᠠᠷᠴᠠᠢ᠃ ᠵᠢᠯ ᠳᠥ ᠳᠤᠮᠳᠠᠵᠢ ᠪᠠᠷ 100 ᠣᠷᠴᠢᠮ ᠡᠮᠡᠭᠲᠡᠢ ᠠᠬᠠᠯᠠᠭᠴᠢ ᠢᠷᠭᠡᠨ ᠦ ᠮᠡᠷᠭᠡᠵᠢᠯ ᠡᠵᠡᠮᠰᠢᠳᠡᠭ ᠭᠡᠰᠡᠨ ᠰᠤᠳᠤᠯᠭ᠎ᠠ ᠭᠠᠷᠴᠠᠢ᠃