Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠨᠠᠥ᠋ᠷᠢᠽ (Nauryz) ‍ᠤᠨ ᠪᠠᠶᠠᠷ ᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠠᠰᠠᠭ ᠲᠦᠮᠡᠨ ᠦ ᠨᠠᠥ᠋ᠷᠢᠽ ᠤᠨ ᠪᠠᠶᠠᠷ ᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡᠨ ᠳᠥ᠄

《ᠲᠤᠭᠤᠷᠭ᠎ᠠ ᠲᠤᠰᠠᠭᠠᠷ ᠮᠣᠩ᠋ᠭᠣᠯ ᠡᠬᠡ ᠣᠷᠣᠨ ᠤ ᠪᠠᠨ ᠥᠨᠴᠦᠭ ᠪᠤᠯᠤᠩ ᠪᠦᠷᠢ ᠳᠥ ᠪᠣᠯᠤᠨ ᠭᠠᠳᠠᠭᠠᠳᠤ ᠢᠢᠨ ᠣᠷᠣᠨ ᠨᠤᠭᠤᠳ ᠲᠤ ᠠᠮᠢᠳᠤᠷᠠᠨ ᠰᠠᠭᠤᠭ᠎ᠠ᠂ ᠠᠵᠢᠯᠴᠢ ᠬᠢᠴᠢᠶᠡᠩ᠋ᠭᠦᠢ᠂ ᠠᠪᠢᠶᠠᠰᠯᠢᠭ᠂ ᠬᠥᠳᠡᠯᠮᠦᠷᠢᠴᠢ ᠬᠠᠰᠠᠭ ᠲᠦᠮᠡᠨ ᠳᠡᠭᠡᠨ ᠨᠠᠷᠠᠨ ᠤ ᠪᠠᠶᠠᠷ – ᠨᠠᠥ᠋ᠷᠢᠽ ᠤᠨ ᠮᠡᠨᠳᠦ ᠢᠢ ᠡᠷᠭᠦᠨ ᠳᠡᠪᠰᠢᠭᠦᠯᠦᠶ᠎ᠡ᠃

ᠡᠬᠡ ᠳᠡᠯᠡᠬᠡᠢ ᠮᠢᠨᠢ ᠢᠯᠴᠢ ᠭᠡᠷᠡᠯ ᠢᠶᠡᠷ ᠲᠡᠳᠬᠦᠭ᠍ᠴᠢ ᠠᠯᠲᠠᠨ ᠨᠠᠷᠠᠠ ᠢ ᠲᠣᠭᠣᠷᠢᠭᠰᠠᠭᠠᠷ᠂ ᠡᠳᠦᠷ ᠰᠥᠨᠢ ᠲᠡᠩᠴᠡᠬᠦ ᠡᠳᠦᠷ᠂ ᠰᠢᠮ᠎ᠡ ᠲᠡᠢ ᠪᠦᠬᠦᠨ ᠳᠡᠯᠭᠡᠷᠡᠵᠥ᠂ ᠦᠨᠳᠦᠰᠦ ᠲᠡᠢ ᠪᠦᠬᠦᠨ ᠦᠷᠡᠵᠢᠬᠦ᠂ ᠦᠢᠯᠡᠰ ᠠᠵᠢᠯ ᠨᠢ ᠥᠷᠨᠢᠨ ᠳᠡᠯᠭᠡᠷᠡᠬᠦ ᠢᠢᠨ ᠪᠡᠯᠭᠡᠳᠡᠯᠲᠦ ᠤᠷᠢᠨ ᠬᠠᠪᠤᠷ ᠲᠠᠢ ᠡ᠊ᠩᠬᠡ ᠮᠡᠨᠳᠦ ᠵᠣᠯᠭᠠᠭᠰᠠᠨ ᠤ ᠪᠠᠶᠠᠷ ᠨᠠᠥ᠋ᠷᠢᠽ ᠢ ᠬᠠᠰᠠᠭ ᠢᠷᠭᠡᠳ ᠮᠠᠨᠢ ᠥᠨᠢ ᠡᠷᠲᠡᠨ ᠡᠴᠡ ᠲᠡᠮᠳᠡᠭᠯᠡᠵᠦ ᠢᠷᠡᠭᠰᠡᠨ ᠲᠡᠦᠬᠡ ᠲᠡᠢ᠃

ᠲᠡᠢᠢᠮᠦ ᠴᠤ ᠤᠴᠢᠷ ᠠᠴᠠ ᠳᠠᠶᠠᠩ ᠳᠡᠯᠡᠬᠡᠢ ᠢᠢᠨ ᠬᠠᠮᠲᠤ ᠢᠢᠨ ᠨᠡᠢᠢᠭᠡᠮᠯᠢᠭ᠌ ᠦᠨ ᠰᠢᠢᠳᠪᠦᠷᠢ ᠪᠡᠷ ᠨᠠᠷᠠᠨ ᠤ ᠪᠠᠶᠠᠷ- ᠨᠠᠥ᠋ᠷᠢᠽ ᠢ《ᠳᠡᠯᠡᠬᠡᠢ ᠢᠢᠨ ᠬᠠᠯᠳᠠᠰᠢ ᠦᠭᠡᠢ ᠰᠤᠶᠤᠯ ᠤᠨ ᠥᠪ》 ᠲ᠋ᠥ ᠪᠦᠷᠢᠳᠬᠡᠨ᠂ ᠳᠡᠯᠡᠬᠡᠢ ᠨᠡᠢᠢᠲᠡ ᠪᠡᠷ ᠢᠶᠡᠨ ᠲᠡᠮᠳᠡᠭᠯᠡᠳᠡᠭ ᠪᠣᠯᠤᠭᠠᠳ ᠳᠠᠷᠤᠢ 15 ᠵᠢᠯ ᠥᠩ᠋ᠭᠡᠷᠡᠵᠥ ᠪᠠᠢᠢᠨ᠎ᠠ᠃

ᠨᠡᠭᠦᠳᠡᠯᠴᠢᠨ ᠰᠤᠶᠤᠯ ᠢᠷᠭᠡᠨᠰᠢᠯ ᠦᠨ ᠦᠨᠡᠲᠦ ᠥᠪ ᠢ ᠦᠶ ᠡ ᠡᠴᠡ ᠦᠶ᠎ᠡ ᠳᠥ ᠥᠷᠲᠡᠭᠡᠯᠡᠨ ᠬᠠᠳᠠᠭᠠᠯᠠᠭᠰᠠᠨ ᠬᠥᠳᠡᠯᠮᠦᠷᠢᠴᠢ ᠲᠦᠮᠡᠨ ᠮᠠᠨᠢ ᠡᠬᠡ ᠭᠠᠵᠠᠷ ᠤᠨ ᠡᠷᠡᠰ ᠲᠡᠰ ᠠᠭᠤᠷ ᠠᠮᠢᠰᠬᠤᠯ ᠳᠤ ᠵᠣᠬᠢᠴᠠᠨ ᠠᠮᠢᠳᠤᠷᠠᠵᠤ᠂ ᠣᠨ ᠴᠠᠭ ᠤᠨ ᠤᠷᠲᠤ ᠳᠤ ᠬᠥᠳᠡᠯᠮᠦᠷᠢ ᠵᠢᠳᠬᠦᠯ ᠦᠨ ᠨᠢᠭᠡᠨ ᠰᠢᠯᠭᠠᠭᠤᠷ ᠬᠠᠬᠢᠷ ᠡᠪᠦᠯ ᠢ ᠳᠠᠪᠠᠨ ᠲᠤᠭᠤᠯᠵᠤ᠂ ᠵᠢᠪᠠᠷ ᠤᠨ ᠦᠵᠦᠭᠦᠷ ᠢ ᠤᠶᠠᠷᠠᠭᠠᠵᠤ᠂ ᠲᠥᠯ ᠦᠨ ᠳᠠᠭᠤ ᠴᠠᠩ᠋ᠭᠢᠨᠠᠭᠰᠠᠨ ᠤᠷᠢᠨ ᠬᠠᠪᠤᠷ ᠤᠨ ᠤᠯᠠᠷᠢᠯ ᠲᠠᠢ ᠵᠣᠯᠭᠠᠯ᠎ᠠ᠃

ᠠᠢᠢᠰᠤᠢ ᠴᠠᠭ ᠤᠨ ᠡᠬᠢᠯᠡᠯ ᠨᠠᠥ᠋ᠷᠢᠽ ᠤᠨ ᠪᠠᠶᠠᠷ ᠢᠶᠠᠷ ᠢᠶᠠᠨ ᠬᠠᠰᠠᠭ ᠢᠷᠭᠡᠳ ᠮᠠᠨᠢ ᠬᠣᠯᠠ ᠣᠢᠢᠷ᠎ᠠ ᠠᠴᠠ ᠬᠤᠷᠠᠨ ᠴᠤᠭᠯᠠᠵᠤ᠂ ᠤᠴᠠᠷᠠᠨ ᠵᠣᠯᠭᠠᠵᠤ᠂ ᠠᠬᠠᠮᠠᠳ ᠪᠤᠭᠤᠷᠠᠯ ᠤᠳ ᠢᠶᠠᠨ ᠬᠦᠨᠳᠦᠳᠬᠡᠨ ᠵᠠᠯᠠᠵᠤ᠂ ᠦᠨᠡᠲᠦ ᠰᠤᠷᠭᠠᠯ ᠢ ᠨᠢ ᠳᠡᠭᠡᠳᠦᠯᠡᠨ ᠰᠣᠨᠣᠰᠴᠤ᠂ ᠦᠳᠡᠵᠦ ᠪᠤᠢ ᠵᠢᠯ ᠦᠨ ᠢᠶᠡᠨ ᠣᠯᠤᠯᠲᠠ ᠠᠮᠵᠢᠯᠲᠠ ᠢᠢ ᠳ᠋ᠦᠩᠨᠡᠨ ᠬᠡᠯᠡᠯᠴᠡᠵᠦ᠂ ᠭᠠᠷᠴᠤ ᠪᠤᠢ ᠵᠢᠯ ᠳᠡᠭᠡᠨ ᠰᠠᠢᠢᠨ ᠰᠠᠢᠢᠬᠠᠨ ᠪᠦᠬᠦᠨ ᠰᠡᠳᠬᠢᠯᠴᠢᠯᠡᠨ ᠪᠦᠲᠦᠬᠦ ᠢᠢᠨ ᠢᠷᠦᠭᠡᠯ ᠲᠠᠯᠪᠢᠳᠠᠭ ᠡᠷᠲᠡᠨ ᠦ ᠰᠠᠢᠢᠬᠠᠨ ᠤᠯᠠᠮᠵᠢᠯᠠᠯ ᠲᠠᠢ᠃

ᠤᠯᠠᠷᠢᠨ ᠣᠳᠴᠤ ᠪᠤᠢ ᠵᠢᠯ ᠮᠣᠩ᠋ᠭᠣᠯ ᠤᠯᠤᠰ ᠤᠨ ᠡᠳ᠋ ᠍ ᠦᠨ ᠵᠠᠰᠠᠭ ᠥᠰᠴᠦ᠂ ᠣᠷᠣᠨ ᠨᠤᠲᠤᠭ ᠲᠤ ᠴᠢᠭᠯᠡᠭᠰᠡᠨ ᠬᠥᠷᠥᠩ᠋ᠭᠡ ᠣᠷᠣᠭᠤᠯᠤᠯᠲᠠ᠂ ᠪᠦᠲᠦᠭᠡᠨ ᠪᠠᠢᠢᠭᠤᠯᠤᠯᠲᠠ ᠢᠢᠨ ᠠᠵᠢᠯ ᠢᠳᠡ ᠥᠷᠨᠢᠵᠦ ᠪᠠᠢᠢᠨ᠎ᠠ᠃

ᠪᠠᠶᠠᠨ-ᠥᠯᠥᠭᠡᠢ ᠠᠢᠢᠮᠠᠭ ᠲᠤ ᠪᠣᠭᠣᠮᠲᠠ ᠢᠢᠨ ᠰᠡᠷᠭᠦᠯᠲᠡ᠂ ᠪᠣᠰᠤᠭ᠎ᠠ ᠲᠡᠩᠬᠡᠯᠢᠭ᠌ ᠦᠨ ᠠᠦ᠋ᠲ᠋ᠣᠵᠠᠮ ᠤᠨ ᠪᠦᠲᠦᠭᠡᠨ ᠪᠠᠢᠢᠭᠤᠯᠤᠯᠲᠠ᠂ ᠲᠷᠠᠨ᠋ᠽᠢᠲ᠋ ᠲᠡᠭᠡᠭᠡᠪᠦᠷᠢ ᠵᠡᠷᠭᠡ ᠪᠦᠲᠦᠭᠡᠨ ᠪᠠᠢᠢᠭᠤᠯᠤᠯᠲᠠ ᠥᠷᠨᠢᠵᠦ᠂ ᠬᠥᠭ᠍ᠵᠢᠯ ᠦᠨ ᠠᠬᠢᠴᠠ ᠭᠠᠷᠴᠤ᠂ ᠠᠯᠤᠰ ᠬᠢᠵᠠᠭᠠᠷ ᠨᠤᠲᠤᠭ ᠲᠤ ᠮᠠᠨᠢ ᠠᠶᠠᠯᠠᠭᠴᠢ᠂ ᠵᠢᠭᠤᠯᠴᠢᠳ ᠤᠨ ᠬᠥᠯ ᠲᠠᠰᠤᠷᠠᠬᠤ ᠦᠭᠡᠢ ᠪᠣᠯᠵᠠᠢ᠃

ᠨᠡᠭᠦᠳᠡᠯᠴᠢᠨ ᠮᠠᠯᠴᠢᠨ ᠤᠳᠤᠮᠲᠤ ᠤᠤᠭᠠᠯ᠂ ᠰᠠᠭᠤᠭᠤᠯ ᠢᠷᠭᠡᠳ ᠲᠠ ᠪᠦᠬᠦᠨ ᠮᠠᠨᠢ ᠬᠠᠰᠠᠭ ᠶᠣᠰᠣ ᠵᠠᠩᠰᠢᠯ ᠤᠨ ᠪᠡᠯᠭᠡᠳᠡᠯ᠂ ᠥᠪ ᠰᠤᠶᠤᠯ ᠤᠨ ᠡᠷᠬᠢᠮᠰᠦᠭ ᠣᠷᠣᠰᠢᠬᠤᠢ᠂ ᠨᠠᠥ᠋ᠷᠢᠽ ᠤᠨ ᠪᠠᠶᠠᠷ ᠢᠶᠠᠨ ᠥᠷᠭᠡᠨ ᠳᠡᠯᠭᠡᠷ ᠲᠡᠮᠳᠡᠭᠯᠡᠵᠦ᠂ ᠢᠷᠡᠵᠦ ᠪᠠᠢᠢᠭ᠎ᠠ ᠰᠢᠨ᠎ᠡ ᠵᠢᠯ ᠦᠨ ᠥᠩ᠋ᠭᠡ ᠪᠡᠨ ᠥᠭᠡᠳᠡᠷᠡᠭ ᠰᠠᠢᠢᠬᠠᠨ ᠢᠶᠠᠷ ᠲᠥᠰᠦᠭᠡᠯᠡᠵᠦ᠂ ᠠᠵᠠᠢ ᠪᠤᠭᠤᠷᠤᠯ ᠤᠳ ᠢᠶᠠᠨ ᠬᠦᠨᠳᠦᠯᠡᠨ ᠳᠡᠭᠡᠳᠦᠯᠡᠵᠦ᠂ ᠠᠨᠳᠠ ᠨᠥᠬᠥᠳ ᠢᠶᠡᠨ ᠡᠷᠬᠢᠮᠯᠡᠨ ᠬᠦᠨᠳᠦᠯᠡᠵᠦ᠂ ᠠᠯᠳᠠᠷᠠᠢ ᠪᠠᠭᠠᠴᠤᠳ ᠢᠶᠠᠨ ᠥᠬᠦᠭᠡᠷᠳᠡᠨ ᠡ᠊ᠩᠬᠦᠷᠡᠢᠢᠯᠡᠵᠦ᠂ ᠬᠦᠴᠦᠲᠦ ᠯᠤᠤ ᠵᠢᠯ ᠳᠡᠭᠡᠨ ᠬᠦᠷᠡᠩ ᠪᠦᠷᠭᠦᠳ ᠰᠢᠭ ᠢᠶᠡᠨ ᠬᠡᠢᠢᠮᠣᠷᠢ ᠵᠣᠯᠪᠣᠭ᠎ᠠ ᠲᠠᠢ ᠪᠠᠢᠢᠵᠤ᠂ ᠡᠪ ᠦᠨ ᠵᠠᠩ᠋ᠭᠢᠯᠠᠭ᠎ᠠ ᠪᠠᠨ ᠪᠥᠬᠡᠯᠡᠨ ᠭᠠᠩᠨᠠᠵᠤ᠂ ᠡᠷᠴᠢ ᠬᠦᠴᠥ ᠪᠡᠨ ᠥᠰᠬᠡᠨ ᠨᠡᠮᠡᠭᠳᠡᠭᠦᠯᠵᠦ᠂ ᠬᠦᠢ ᠡᠯᠢᠭᠡᠨ ᠢᠶᠡᠷ ᠢᠶᠡᠨ ᠰᠠᠢᠢᠬᠠᠨ ᠪᠠᠶᠠᠷᠯᠠᠭᠠᠷᠠᠢ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ》 ᠭᠡᠵᠡᠢ᠃