ᠮᠣᠩ᠋ᠭᠣᠯ ᠤᠯᠤᠰ ᠲᠤ ᠬᠥᠩ᠋ᠭᠡᠨ ᠠᠵᠤ ᠦᠢᠯᠡᠳᠪᠦᠷᠢ ᠢᠢᠨ ᠰᠠᠯᠪᠤᠷᠢ ᠡᠭᠦᠰᠴᠦ ᠬᠥᠭ᠍ᠵᠢᠭᠰᠡᠨ ᠦ ᠲᠡᠦᠬᠡᠲᠦ 90 ᠵᠢᠯ ᠦᠨ ᠣᠢ ᠡᠨᠡ ᠡᠳᠦᠷ ᠦᠳ ᠲᠥ ᠲᠣᠬᠢᠶᠠᠵᠤ ᠪᠠᠢᠢᠨ᠎ᠠ᠃
《ᠻᠣᠷᠫᠣᠷᠧᠢᠢᠲ᠋ ᠾᠣᠲ᠋ᠧᠯ ᠧᠨ᠋ᠳᠡ ᠻᠣᠨ᠋ᠸᠧᠢᠢᠱᠨ ᠼᠧᠨ᠋ᠲ᠋ᠷ》 ᠍ ᠲᠤ ᠪᠣᠯᠤᠭᠰᠠᠨ ᠤᠯᠤᠰ ᠤᠨ ᠵᠥᠪᠯᠡᠭᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠷᠣᠯᠴᠠᠨ᠂ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠢᠢᠨ ᠠᠵᠢᠯᠲᠠᠨ᠂ ᠠᠯᠪᠠᠨ ᠬᠠᠭᠠᠭᠴᠢᠳ ᠪᠣᠯᠤᠨ ᠦᠢᠯᠡᠳᠪᠦᠷᠢᠯᠡᠭᠴᠢ᠂ ᠪᠠᠶᠠᠯᠢᠭ ᠪᠦᠲᠦᠭᠡᠭ᠍ᠴᠢᠳ ᠲᠥ ᠪᠠᠶᠠᠷ ᠬᠦᠷᠭᠡᠵᠦ᠂ ᠠᠮᠵᠢᠯᠲᠠ ᠬᠦᠰᠡᠨ ᠢᠷᠦᠭᠡᠪᠡ᠃
ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠢᠢ ᠬᠤᠷᠳᠤ ᠲᠠᠢ ᠬᠥᠭ᠍ᠵᠢᠭᠦᠯᠬᠦ ᠢᠢᠨ ᠲᠤᠯᠠᠳᠠ ᠴᠣᠭᠴᠠ᠂ ᠨᠢᠭᠡᠳᠦᠮᠡᠯ᠂ ᠬᠠᠷᠢᠯᠴᠠᠨ ᠪᠡᠶ᠎ᠡ ᠪᠡᠶ᠎ᠡ ᠪᠡᠨ ᠳᠡᠮᠵᠢᠭᠰᠡᠨ ᠪᠣᠳᠣᠯᠭ᠎ᠠ ᠬᠡᠷᠡᠭᠵᠢᠭᠦᠯᠬᠦ ᠨᠢ ᠴᠢᠬᠤᠯᠠ᠃ ᠢᠩ᠋ᠭᠢᠭ᠍ᠰᠡᠨ ᠢᠶᠡᠷ ᠠᠵᠢᠯ ᠤᠨ ᠪᠠᠢᠢᠷᠢ ᠨᠡᠮᠡᠭᠳᠡᠵᠦ᠂ ᠶᠠᠳᠠᠭᠤᠷᠠᠯ ᠪᠠᠭᠤᠷᠠᠬᠤ᠂ ᠡᠷᠦᠬᠡ ᠪᠦᠯᠢ ᠢᠢᠨ ᠠᠮᠢᠵᠢᠷᠠᠭ᠎ᠠ ᠳᠡᠭᠡᠭ᠍ᠰᠢᠯᠡᠬᠦ᠂ ᠠᠮᠢᠳᠤᠷᠠᠯ ᠤᠨ ᠴᠢᠨᠠᠷ ᠰᠠᠢᠢᠵᠢᠷᠠᠬᠤ ᠵᠡᠷᠭᠡ ᠣᠯᠠᠨ ᠡᠶᠡᠷᠭᠥ ᠨᠥᠯᠦᠭᠡ ᠦᠵᠡᠭᠦᠯᠦᠨ᠎ᠡ ᠭᠡᠵᠦ ᠶᠡᠷᠦᠩᠬᠡᠢᠢᠯᠡᠭᠴᠢ ᠦᠵᠡᠵᠦ ᠪᠠᠢᠢᠨ᠎ᠠ᠃
ᠡᠢᠢᠮᠦ ᠡᠴᠡ᠄
• ᠰᠠᠯᠪᠤᠷᠢ ᠢᠢᠨ ᠡᠷᠬᠡ ᠵᠦᠢ᠂ ᠰᠠᠩᠬᠦᠦ᠂ ᠲᠠᠲᠠᠪᠤᠷᠢ᠂ ᠳᠠᠭᠠᠳᠬᠠᠯ ᠤᠨ ᠲᠠᠭᠠᠲᠠᠢ ᠣᠷᠴᠢᠨ ᠪᠤᠢ ᠪᠣᠯᠭᠠᠬᠤ᠂
• ᠪᠠᠢᠢᠭᠠᠯᠢ ᠣᠷᠴᠢᠨ᠂ ᠮᠠᠯ᠂ ᠠᠮᠢᠲᠠᠨ ᠳᠤ ᠡᠭᠡᠯᠢᠲᠡᠢ᠂ ᠥᠨᠳᠦᠷ ᠴᠢᠨᠠᠷᠲᠠᠢ ᠲᠦᠭᠦᠬᠡᠢ ᠡᠳ᠋ ᠪᠡᠯᠡᠳᠬᠡᠬᠦ ᠪᠣᠯᠤᠨ ᠮᠠᠯ ᠤᠨ ᠭᠠᠷᠤᠯ ᠡᠭᠦᠰᠦᠯ᠂ ᠴᠢᠨᠠᠷ ᠤᠨ ᠮᠥᠰᠬᠢᠬᠦ ᠲᠣᠭᠲᠠᠯᠴᠠᠭ᠎ᠠ ᠬᠥᠭ᠍ᠵᠢᠭᠦᠯᠬᠦ᠂
• ᠦᠢᠯᠡᠳᠪᠦᠷᠢᠯᠡᠯ ᠦᠨ ᠬᠦᠴᠦᠨ ᠴᠢᠳᠠᠯ᠂ ᠠᠰᠢᠭᠯᠠᠯᠲᠠ ᠢᠢ ᠨᠡᠮᠡᠭᠳᠡᠭᠦᠯᠬᠦ᠂ ᠪᠠᠢᠢᠭᠠᠯᠢ ᠳᠤ ᠡᠭᠡᠯᠢᠲᠡᠢ ᠳᠡᠪᠰᠢᠯᠲᠡᠲᠦ ᠲᠧᠭᠨᠢᠭ᠂ ᠲᠧᠭᠨᠣᠯᠣᠭᠢ ᠨᠡᠪᠲᠡᠷᠡᠭᠦᠯᠬᠦ᠂
• ᠬᠦᠮᠦᠨ ᠦ ᠨᠥᠭᠡᠴᠡ ᠢᠢ ᠨᠡᠮᠡᠭᠳᠡᠭᠦᠯᠬᠦ᠂ ᠴᠢᠳᠠᠪᠬᠢᠵᠢᠭᠤᠯᠬᠤ᠂ ᠳᠠᠪᠲᠠᠨ ᠰᠤᠷᠭᠠᠬᠤ᠂
• ᠭᠠᠳᠠᠭᠠᠳᠤ ᠬᠤᠳᠠᠯᠳᠤᠭ᠎ᠠ᠂ ᠬᠥᠷᠦᠩ᠋ᠭᠡ ᠣᠷᠣᠭᠤᠯᠤᠯᠲᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠠᠩᠬᠠᠷᠬᠤ ᠱᠠᠭᠠᠷᠳᠠᠯᠭ᠎ᠠ ᠲᠠᠢ ᠢᠢ ᠬᠡᠯᠡᠪᠡ᠃
ᠡᠭᠦᠨ ᠳᠥ ᠲᠥᠷᠦ᠂ ᠬᠤᠪᠢ ᠢᠢᠨ ᠬᠡᠪᠰᠢᠯ ᠦᠨ ᠣᠨᠣᠪᠴᠢᠲᠠᠢ ᠲᠦᠩᠰᠢᠯᠡᠯ᠂ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ᠂ ᠬᠠᠷᠢᠯᠴᠠᠨ ᠣᠢᠢᠯᠠᠭᠠᠯᠴᠠᠯ᠂ ᠨᠢᠭᠡ ᠵᠣᠷᠢᠯᠭ᠎ᠠ᠂ ᠨᠢᠭᠡ ᠪᠣᠳᠣᠯᠭ᠎ᠠ ᠴᠢᠬᠤᠯᠠ ᠭᠡᠳᠡᠭ ᠢ ᠣᠨᠴᠠᠯᠠᠵᠤ᠂ ᠪᠦᠬᠦ ᠲᠠᠯ᠎ᠠ ᠪᠠᠷ ᠲᠤᠭᠤᠰᠢᠲᠠᠢ ᠳᠡᠮᠵᠢᠵᠦ᠂ ᠬᠠᠮᠲᠤᠷᠠᠨ ᠠᠵᠢᠯᠯᠠᠬᠤ ᠪᠠᠨ ᠢᠯᠡᠷᠬᠡᠢᠢᠯᠡᠯ᠎ᠡ᠃
ᠮᠥᠨ ᠡᠷᠦᠬᠡ ᠪᠦᠯᠢ ᠪᠡᠷ ᠢᠶᠡᠨ ᠦᠢᠯᠡᠳᠪᠦᠷᠢᠯᠡᠭᠴᠢ᠂ ᠤᠯᠤᠰ ᠣᠷᠣᠨ ᠢᠶᠠᠷ ᠢᠶᠠᠨ ᠡᠻᠰᠫᠣᠷᠲ᠋ᠯᠠᠭᠴᠢ ᠪᠣᠯᠬᠤ ᠢᠢᠨ ᠲᠥᠯᠥᠭᠡ ᠲᠥᠷᠥ᠂ ᠵᠠᠰᠠᠭ᠂ ᠲᠦᠮᠡᠨ ᠣᠯᠠᠨ ᠢᠶᠠᠷ ᠢᠶᠠᠨ ᠨᠢᠭᠡᠳᠦᠨ ᠨᠡᠢᠢᠯᠡᠵᠦ᠂ ᠨᠢᠭᠡᠨ ᠰᠡᠳᠬᠢᠯ ᠢᠶᠡᠷ ᠬᠠᠮᠲᠤᠷᠠᠨ ᠵᠢᠳᠬᠦᠬᠦ ᠢᠢ ᠤᠷᠢᠶᠠᠯᠠᠯ᠎ᠠ᠃
《ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠳᠤ ᠠᠵᠢᠯᠯᠠᠵᠤ ᠪᠤᠢ ᠢᠷᠭᠡᠳ᠂ ᠠᠵᠤ ᠠᠬᠤᠢ ᠢᠢᠨ ᠨᠢᠭᠡᠴᠡ ᠨᠤᠭᠦᠳ ᠲᠥ ᠨᠡᠢᠢᠲᠡ ᠨᠢᠭᠡ ᠶᠡᠬᠡ ᠨᠠᠶᠤᠳ ᠭᠠᠷᠤᠢ ᠲᠥᠭᠥᠷᠢᠭ᠌ ᠦᠨ ᠭᠠᠢᠢᠯᠢ᠂ ᠲᠠᠲᠠᠪᠤᠷᠢ ᠢᠢᠨ ᠬᠥᠩ᠋ᠭᠡᠯᠡᠯᠲᠡ᠂ ᠴᠢᠯᠦᠭᠡᠯᠡᠯᠲᠡ ᠦᠵᠡᠭᠦᠯᠵᠦ᠂ ᠪᠠᠭ᠎ᠠ ᠬᠦᠦᠲᠡᠢ᠂ ᠤᠷᠲᠤ ᠬᠤᠭᠤᠴᠠᠭ᠎ᠠ ᠲᠠᠢ ᠵᠡᠭᠡᠯᠡ ᠣᠯᠭᠤᠭᠠᠳ ᠪᠠᠢᠢᠨ᠎ᠠ᠃
ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠳᠤ ᠠᠷᠠᠰᠤ᠂ ᠠᠷᠠᠰᠤᠨ ᠪᠦᠲᠦᠭᠡᠭ᠍ᠳᠡᠬᠦᠨ᠂ ᠲᠣᠨᠣᠭ ᠲᠥᠬᠦᠭᠡᠷᠦᠮᠵᠢ᠂ ᠦᠢᠯᠡᠳᠪᠦᠷᠢ ᠢᠢᠨ ᠮᠠᠰᠢᠨ ᠤ ᠡᠳ᠋ ᠠᠩ᠋ᠭᠢ ᠨᠤᠭᠤᠳ᠂ ᠴᠠᠭᠠᠰᠤ᠂ ᠴᠠᠭᠠᠰᠤᠨ ᠪᠦᠲᠦᠭᠡᠭ᠍ᠳᠡᠬᠦᠨ ᠪᠣᠯᠤᠨ ᠬᠤᠪᠴᠠᠰᠤ᠂ ᠨᠡᠬᠡᠮᠡᠯ ᠦᠨ ᠦᠢᠯᠡᠳᠪᠦᠷᠢᠯᠡᠯ ᠢ ᠬᠥᠭ᠍ᠵᠢᠭᠦᠯᠦᠭᠰᠡᠨ ᠢᠶᠡᠷ ᠡᠻᠰᠫᠣᠷᠲ ᠨᠡᠮᠡᠭᠳᠡᠬᠦ᠂ ᠣᠯᠠᠨ ᠤᠯᠤᠰ ᠤᠨ ᠵᠠᠬ᠎ᠠ ᠵᠡᠭᠡᠯᠢ ᠳᠥ ᠥᠷᠢᠰᠦᠯᠳᠦᠬᠦ ᠴᠢᠳᠠᠪᠤᠷᠢ ᠳᠡᠭᠡᠭ᠍ᠰᠢᠯᠡᠬᠦ ᠪᠥᠷᠢᠨ ᠪᠣᠯᠤᠮᠵᠢᠲᠠᠢ ᠭᠡᠵᠦ ᠦᠵᠡᠳᠡᠭ᠃
1980 -᠊ᠭᠠᠳ ᠣᠨ ᠤ ᠰᠡᠭᠦᠯ ᠭᠡᠬᠦ ᠳᠥ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠨᠡᠢᠢᠲᠡ ᠠᠵᠤ ᠦᠢᠯᠡᠳᠪᠦᠷᠢᠯᠡᠯ ᠦᠨ ᠰᠠᠯᠪᠤᠷᠢ ᠢᠢᠨ 60 ᠭᠠᠷᠤᠢ ᠬᠤᠪᠢ ᠢᠢ ᠳᠠᠩ ᠢᠶᠠᠷ ᠢᠶᠠᠨ ᠪᠦᠷᠢᠳᠦᠭᠦᠯᠵᠦ ᠪᠠᠢᠢᠭᠰᠠᠨ ᠪᠣᠯ 2023 ᠣᠨ ᠤ ᠪᠠᠢᠢᠳᠠᠯ ᠢᠶᠠᠷ 25 ᠬᠤᠪᠢ ᠢᠢ ᠯᠠ ᠪᠦᠷᠢᠳᠦᠭᠦᠯᠵᠦ ᠪᠠᠢᠢᠨ᠎ᠠ᠃
ᠪᠠᠷᠠᠭ᠎ᠠ ᠪᠦᠲᠦᠭᠡᠭ᠍ᠳᠡᠬᠦᠨ ᠦ ᠡᠻᠰᠫᠣᠷᠲ ᠨᠡᠢᠢᠲᠡ ᠡᠻᠰᠫᠣᠷᠲ ᠤᠨ ᠳᠥᠩ᠋ᠭᠡᠵᠢ ᠵᠢᠷᠭᠤᠭᠠᠨ ᠬᠤᠪᠢ ᠲᠠᠢ ᠲᠡᠩᠴᠡᠳᠡᠭ ᠪᠥᠭᠡᠳ ᠬᠦᠨᠡᠰᠦ᠂ ᠭᠤᠲᠤᠯ᠂ ᠬᠤᠪᠴᠠᠰᠤ᠂ ᠠᠷᠠᠰᠤ᠂ ᠰᠠᠪᠢᠬᠢᠨ ᠡᠳ᠋ᠯᠡᠯ ᠡᠴᠡ ᠡᠬᠢᠯᠡᠭᠡᠳ ᠬᠥᠩ᠋ᠭᠡᠨ ᠦᠢᠯᠡᠳᠪᠦᠷᠢᠯᠡᠯ ᠦᠨ ᠪᠠᠷᠠᠭ᠎ᠠ ᠪᠦᠲᠦᠭᠡᠭ᠍ᠳᠡᠬᠦᠨ ᠭᠠᠳᠠᠨ᠎ᠠ ᠠᠴᠠ ᠬᠤᠳᠠᠯᠳᠤᠨ ᠠᠪᠬᠤ ᠳᠤ ᠵᠢᠯ ᠳᠥ ᠣᠢᠢᠷᠠᠯᠴᠠᠭ᠎ᠠ ᠪᠠᠷ ᠭᠤᠷᠪᠠᠨ ᠲᠡᠷᠪᠤᠮ ᠣᠷᠴᠢᠮ ᠠᠮᠠ᠂ ᠳ᠋ᠣᠯᠯᠠᠷ ᠵᠠᠷᠤᠴᠠᠭᠤᠯᠳᠠᠭ ᠰᠤᠳᠤᠯᠭ᠎ᠠ ᠭᠠᠷᠴᠠᠢ᠃
1934 ᠣᠨ ᠳᠤ ᠠᠵᠤ ᠦᠢᠯᠡᠳᠪᠦᠷᠢ ᠢᠢᠨ ᠻᠣᠮᠪᠢᠨᠠᠲ ᠪᠠᠢᠢᠭᠤᠯᠤᠭᠳᠠᠭᠰᠠᠨ ᠨᠢ ᠣᠷᠴᠢᠨ ᠴᠠᠭ ᠤᠨ ᠬᠥᠩ᠋ᠭᠡᠨ ᠠᠵᠤ ᠦᠢᠯᠡᠳᠪᠦᠷᠢᠯᠡᠯ ᠦᠨ ᠰᠠᠯᠪᠤᠷᠢ ᠢᠢᠨ ᠬᠥᠭ᠍ᠵᠢᠯ ᠦᠨ ᠡᠬᠢᠯᠡᠯ ᠪᠠᠢᠢᠭᠰᠠᠨ ᠲᠡᠦᠬᠡ ᠲᠡᠢ᠃ ᠡᠭᠦᠨ ᠡᠴᠡ ᠡᠮᠦᠨ᠎ᠡ ᠡᠨᠡ ᠰᠠᠯᠪᠤᠷᠢ ᠭᠠᠷ ᠤᠷᠠᠴᠤᠳ᠂ ᠲᠡᠮᠦᠷ ᠪᠣᠯᠤᠨ ᠮᠥᠩ᠋ᠭᠥᠨ ᠦ ᠳᠠᠷᠬᠠᠠ ᠨᠤᠭᠤᠳ ᠠᠴᠠ ᠪᠦᠷᠢᠳᠦᠭᠰᠡᠨ ᠭᠠᠷ ᠦᠢᠯᠡᠳᠪᠦᠷᠢᠯᠡᠯ ᠳᠥ ᠲᠦᠰᠢᠭᠯᠡᠵᠦ ᠪᠠᠢᠢᠯ᠎ᠠ᠃
1940-1950 ᠣᠨ ᠳᠤ ᠮᠠᠯ ᠤᠨ ᠭᠠᠷᠤᠯ ᠲᠠᠢ ᠲᠦᠭᠦᠬᠡᠢ ᠡᠳ᠋ ᠍ ᠢᠶᠡᠨ ᠠᠰᠢᠭᠯᠠᠨ ᠳᠣᠲᠣᠭᠠᠳᠤ ᠢᠢᠨ ᠬᠡᠷᠡᠭᠴᠡᠭᠡ ᠢᠢ ᠬᠠᠩᠭ᠋ᠠᠬᠤ᠂ ᠭᠠᠳᠠᠭᠠᠳᠤ ᠵᠠᠬ᠎ᠠ ᠵᠡᠭᠡᠯᠢ ᠳᠥ ᠪᠠᠷᠠᠭ᠋ ᠠ᠂ ᠪᠦᠲᠦᠭᠡᠭ᠍ᠳᠡᠬᠦᠨ ᠢᠶᠡᠨ ᠭᠠᠷᠭᠠᠬᠤ ᠴᠢᠭᠯᠡᠯ ᠳᠥ ᠲᠣᠳᠣᠷᠬᠠᠢ ᠠᠬᠢᠴᠠ ᠳᠡᠪᠰᠢᠯ ᠭᠠᠷᠤᠭᠰᠠᠨ᠃
1960-1990 ᠣᠨ ᠳᠤ ᠣᠯᠠᠨ ᠬᠥᠩ᠋ᠭᠡᠨ ᠠᠵᠤ ᠦᠢᠯᠡᠳᠪᠦᠷᠢ ᠪᠤᠢ ᠪᠣᠯᠵᠤ᠂ ᠲᠦᠭᠦᠬᠡᠢ ᠡᠳ᠋ ᠍ ᠦᠨ ᠪᠣᠯᠪᠠᠰᠤᠷᠠᠭᠤᠯᠤᠯᠲᠠ ᠢᠢᠨ ᠲᠦᠪᠰᠢᠨ᠂ ᠦᠷ᠎ᠡ ᠠᠰᠢᠭ᠂ ᠴᠢᠨᠠᠷ ᠤᠨ ᠦᠵᠡᠭᠦᠯᠦᠯᠲᠡ ᠨᠤᠭᠦᠳ ᠡᠷᠡᠰ ᠰᠠᠢᠢᠵᠢᠷᠠᠵᠤ᠂ ᠱᠠᠭᠠᠷᠳᠠᠯᠭ᠎ᠠ ᠲᠠᠢ ᠪᠣᠯᠪᠠᠰᠤᠨ ᠬᠦᠴᠦᠨ ᠢᠶᠡᠨ ᠡᠬᠡ ᠣᠷᠣᠨ ᠳᠠᠭᠠᠨ ᠪᠡᠯᠡᠳᠴᠦ ᠪᠠᠢᠢᠭᠰᠠᠨ ᠲᠡᠦᠬᠡ ᠲᠡᠢ ᠶᠤᠮ᠃