Та "Internet explorer"-ийн сүүлийн хувилбар болох "Microsoft edge"-г ашиглана уу

Хэрэв "Microsoft edge"-г татах бол энд дарж татаж авна уу

ᠳᠣᠲᠣᠭᠠᠳᠤ ᠢᠢᠨ ᠴᠡᠷᠢᠭ ᠥᠨᠳᠥᠷ ᠴᠢᠳᠠᠪᠤᠷᠢᠲᠠᠢ ᠬᠥᠳᠡᠯᠭᠡᠭᠡᠨᠳᠦ ᠬᠦᠴᠦᠨ ᠲᠡᠢ ᠪᠣᠯᠤᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠳᠣᠲᠣᠭᠠᠳᠤ ᠢᠢᠨ ᠴᠡᠷᠢᠭ ᠦᠨ ᠪᠠᠢᠢᠭᠤᠯᠤᠯᠭ᠎ᠠ ᠳᠤ ᠠᠵᠢᠯᠯᠠᠯ᠎ᠠ᠃

ᠦᠨᠳᠦᠰᠦᠨ ᠦ ᠠᠶᠤᠯ ᠦᠭᠡᠢ ᠪᠠᠢᠢᠳᠠᠯ ᠢ ᠰᠠᠬᠢᠨ ᠬᠠᠮᠠᠭᠠᠯᠠᠬᠤ᠂ ᠲᠥᠷᠦ᠂ ᠨᠡᠢᠢᠭᠡᠮ᠂ ᠢᠷᠭᠡᠨ ᠦ ᠠᠶᠤᠯ ᠦᠭᠡᠢ ᠪᠠᠢᠢᠳᠠᠯ ᠢ ᠬᠠᠩᠭ᠋ᠠᠬᠤ ᠡᠭᠦᠷᠭᠡ ᠪᠡᠨ ᠨᠡᠷ᠎ᠡ ᠲᠥᠷᠦ ᠲᠡᠢ ᠭᠦᠢᠴᠡᠳᠭᠡᠵᠦ ᠪᠠᠢᠢᠭ᠎ᠠ ᠳᠣᠲᠣᠭᠠᠳᠤ ᠢᠢᠨ ᠴᠡᠷᠢᠭ ᠦᠨ ᠨᠡᠢᠢᠲᠡ ᠪᠡᠶ᠎ᠡ ᠪᠦᠷᠢᠯᠳᠦᠬᠦᠨ ᠳᠥ ᠲᠠᠯᠠᠷᠬᠠᠯ ᠢᠯᠡᠷᠬᠡᠢᠢᠯᠡᠵᠦ᠂ ᠠᠮᠵᠢᠯᠲᠠ ᠬᠦᠰᠡᠨ ᠢᠷᠦᠭᠡᠪᠡ᠃

ᠴᠢᠨᠠᠭᠰᠢᠳᠠ ᠤᠯᠤᠰ ᠣᠷᠣᠨ ᠤ ᠠᠯᠢ ᠴᠤ ᠬᠡᠰᠡᠭ ᠲᠥ ᠲᠦᠷᠭᠡᠨ ᠰᠢᠭᠤᠷᠬᠠᠢ ᠬᠦᠷᠴᠦ᠂ ᠰᠥᠷᠭᠦ ᠲᠤᠰᠬᠠᠢ ᠠᠵᠢᠯᠯᠠᠭᠠᠨ ᠳᠤ ᠣᠷᠣᠯᠴᠠᠬᠤ᠂ ᠭᠡᠮᠲᠦ ᠬᠡᠷᠡᠭ ᠢ ᠲᠠᠰᠤᠯᠤᠨ ᠵᠣᠭᠰᠣᠭᠠᠬᠤ᠂ ᠨᠡᠢᠢᠭᠡᠮ ᠦᠨ ᠳᠢᠭ᠌ ᠵᠢᠷᠤᠮ ᠰᠠᠬᠢᠭᠤᠯᠬᠤ᠂ ᠭᠠᠮᠰᠢᠭ ᠣᠰᠣᠯ ᠤᠨ ᠦᠶ᠎ᠡ ᠳᠥ ᠠᠪᠤᠷᠠᠨ ᠬᠠᠮᠠᠭᠠᠯᠠᠬᠤ ᠠᠵᠢᠯᠯᠠᠭᠠᠨ ᠳᠤ ᠳᠡᠮᠵᠢᠯᠭᠡ ᠦᠵᠡᠭᠦᠯᠬᠦ ᠥᠨᠳᠦᠷ ᠴᠢᠳᠠᠪᠤᠷᠢᠲᠠᠢ ᠳᠣᠲᠣᠭᠠᠳᠤ ᠢᠢᠨ ᠴᠡᠷᠢᠭ ᠦᠨ ᠬᠥᠳᠡᠯᠭᠡᠭᠡᠨᠳᠦ ᠬᠦᠴᠦᠨ ᠪᠠᠢᠢᠭᠤᠯᠵᠤ᠂ ᠪᠡᠬᠢᠵᠢᠭᠦᠯᠬᠦ ᠨᠢ ᠵᠦᠢᠲᠡᠢ ᠭᠡᠵᠦ ᠦᠵᠡᠳᠡᠭ ᠢᠶᠡᠨ ᠬᠡᠯᠡᠪᠡ᠃

ᠡᠨᠡ ᠬᠦᠷᠢᠶᠡᠨ ᠳᠥ ᠲᠤᠯᠭᠠᠮᠳᠠᠭᠰᠠᠨ ᠠᠰᠠᠭᠤᠳᠠᠯ ᠤᠳ ᠢᠶᠠᠨ ᠴᠠᠭ ᠠᠯᠳᠠᠯ ᠦᠭᠡᠢ ᠰᠢᠢᠳᠪᠦᠷᠢᠯᠡᠵᠦ᠂ ᠳᠡᠯᠡᠬᠡᠢ ᠢᠢᠨ ᠵᠢᠱᠢᠭ ᠲᠥ ᠨᠡᠢᠢᠴᠡᠭᠰᠡᠨ ᠴᠢᠳᠠᠪᠤᠷᠢᠯᠢᠭ᠋᠂ ᠮᠡᠷᠭᠡᠰᠢᠭᠰᠡᠨ ᠳᠣᠲᠣᠭᠠᠳᠤ ᠢᠢᠨ ᠴᠡᠷᠢᠭ ᠢ ᠬᠥᠭ᠍ᠵᠢᠭᠦᠯᠬᠦ᠂ ᠲᠥᠷᠥ ᠢᠢᠨ ᠴᠡᠷᠢᠭ ᠦᠨ ᠪᠠᠢᠢᠭᠤᠯᠤᠯᠭ᠎ᠠ᠂ ᠠᠯᠪᠠ ᠬᠠᠭᠠᠭᠴᠢᠳ ᠤᠨ ᠨᠡᠷ᠎ᠡ ᠬᠦᠨᠳᠦ ᠢᠢ ᠥᠨᠳᠥᠷ ᠲᠥ ᠡᠷᠭᠦᠵᠦ ᠪᠠᠢᠢᠬᠤ ᠴᠢᠭᠯᠡᠯ ᠢᠶᠡᠷ ᠤᠯᠠᠮ ᠬᠢᠴᠢᠶᠡᠨ ᠠᠵᠢᠯᠯᠠᠬᠤ ᠢᠢ ᠤᠳᠤᠷᠢᠳᠤᠯᠭ᠎ᠠ ᠨᠤᠭᠤᠳ ᠲᠤ ᠨᠢ ᠡᠭᠦᠷᠭᠡ ᠪᠣᠯᠭᠠᠯ᠎ᠠ᠃

ᠠᠯᠪᠠ ᠬᠠᠭᠠᠭᠴᠢᠳ ᠮᠡᠳᠡᠯᠭᠡ᠂ ᠤᠷ᠎ᠠ ᠴᠢᠳᠠᠪᠤᠷᠢ᠂ ᠠᠯᠪᠠᠨ ᠤ ᠪᠡᠯᠡᠨ ᠪᠠᠢᠢᠳᠠᠯ᠂ ᠪᠡᠶ᠎ᠡ ᠪᠢᠯᠳᠠᠷ᠂ ᠰᠡᠳᠬᠢᠯ ᠵᠦᠢ ᠢᠢᠨ ᠪᠡᠯᠡᠳᠬᠡᠯ ᠢᠶᠡᠨ ᠲᠣᠭᠲᠠᠮᠠᠯ ᠳᠡᠭᠡᠭ᠍ᠰᠢᠯᠡᠭᠦᠯᠵᠦ᠂ ᠶᠣᠰᠣ ᠵᠦᠢ ᠢᠢ ᠡᠷᠬᠢᠮᠯᠡᠨ᠂ ᠠᠪᠯᠢᠭ᠎ᠠ ᠂ ᠠᠰᠢᠭ ᠰᠣᠨᠢᠷᠬᠠᠯ ᠤᠨ ᠵᠥᠷᠢᠴᠡᠯ ᠡᠴᠡ ᠠᠩ᠋ᠭᠢᠳᠠ ᠪᠠᠢᠢᠨ᠎ᠠ ᠭᠡᠳᠡᠭ ᠲᠥ ᠢᠲᠡᠭᠡᠯᠲᠡᠢ ᠪᠠᠢᠢᠭ᠎ᠠ ᠪᠠᠨ ᠢᠯᠡᠷᠬᠡᠢᠢᠯᠡᠪᠡ᠃

ᠡᠳᠦᠭᠡ ᠳᠣᠲᠣᠭᠠᠳᠤ ᠢᠢᠨ ᠴᠡᠷᠢᠭ ᠨᠡᠢᠢᠰᠯᠡᠯ᠂ 13 ᠠᠢᠢᠮᠠᠭ ᠲᠤ ᠰᠠᠯᠪᠤᠷᠢ᠂ ᠨᠢᠭᠡᠴᠡ ᠲᠡᠢ ᠪᠥᠭᠡᠳ ᠤᠯᠤᠰ ᠤᠨ ᠣᠨᠴᠠ ᠴᠢᠬᠤᠯᠠ ᠣᠪᠶᠧᠻᠲ ᠵᠡᠷᠭᠡ ᠢᠢᠨ ᠠᠶᠤᠯ ᠦᠭᠡᠢ ᠪᠠᠢᠢᠳᠠᠯ ᠢ ᠬᠠᠷᠢᠭᠤᠴᠠᠵᠤ ᠪᠠᠢᠢᠨ᠎ᠠ᠃