Та "Internet explorer"-ийн сүүлийн хувилбар болох "Microsoft edge"-г ашиглана уу

Хэрэв "Microsoft edge"-г татах бол энд дарж татаж авна уу

ᠰᠠᠪᠠ᠂ ᠪᠠᠭᠯᠠᠭ᠎ᠠ᠂ ᠪᠣᠭᠣᠳᠠᠯ ᠤᠨ ᠦᠢᠯᠡᠳᠪᠦᠷᠢᠯᠡᠯ ᠢ ᠡᠷᠭᠢᠯᠲᠡ ᠢᠢᠨ ᠬᠥᠷᠥᠩ᠋ᠭᠡ ᠢᠢᠨ ᠵᠡᠭᠡᠯᠡ ᠪᠡᠷ ᠳᠡᠮᠵᠢᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠳᠤ ᠦᠢᠯᠡ ᠠᠵᠢᠯᠯᠠᠭ᠎ᠠ ᠶᠠᠪᠤᠭᠤᠯᠳᠠᠭ 《ᠡᠻᠣ ᠤᠰᠤᠨ ᠤ ᠰᠠᠪᠠ》ᠬᠠ‍᠂ ᠬᠤ‍᠂ ᠻᠤ᠂ ᠍ ᠳᠤ ᠠᠵᠢᠯᠯᠠᠯ᠎ᠠ᠃

《ᠡᠻᠣ ᠤᠰᠤᠨ ᠤ ᠰᠠᠪᠠ》ᠬᠠ‍᠂ ᠬᠤ‍᠂ ᠻᠤ᠂ ᠍ ᠢᠢᠨ ᠤᠳᠤᠷᠢᠳᠤᠯᠭ᠎ᠠ ᠨᠤᠭᠤᠳ ᠦᠢᠯᠡᠳᠪᠦᠷᠢᠯᠡᠯ ᠦᠨ ᠪᠣᠯᠤᠨ ᠬᠠᠶᠠᠭᠳᠠᠯ ᠳᠠᠪᠲᠠᠨ ᠪᠣᠯᠪᠠᠰᠤᠷᠠᠭᠤᠯᠬᠤ ᠶᠠᠪᠤᠴᠠ ᠪᠠᠨ ᠲᠠᠨᠢᠯᠴᠠᠭᠤᠯᠤᠯ᠎ᠠ᠃ ᠲᠤᠰ ᠻᠣᠮᠫᠠᠨᠢ ᠪᠥ‍᠂ ᠨᠠᠢᠢ‍᠂ ᠰᠤ‍᠂ ᠤᠯᠤᠰ ᠍ ᠠᠴᠠ ᠥᠨᠳᠦᠷ ᠨᠢᠭ᠌ᠲᠠᠷᠠᠯ ᠲᠠᠢ ᠫᠣᠯᠢ ᠡᠸᠲ᠋ᠢᠯᠧᠨ HDPE ᠪᠤᠶᠤ ᠣᠯᠠᠨ ᠤᠯᠤᠰ ᠤᠨ ᠴᠢᠨᠠᠷ ᠤᠨ ᠭᠡᠷᠡᠴᠢᠯᠡᠭᠡ ᠲᠡᠢ ᠲᠦᠭᠦᠬᠡᠢ ᠡᠳ᠋ ᠠᠰᠢᠭᠯᠠᠨ ᠤᠰᠤᠨ ᠤ ᠰᠠᠪᠠ ᠦᠢᠯᠡᠳᠪᠦᠷᠢᠯᠡᠵᠦ ᠪᠠᠢᠢᠨ᠎ᠠ᠃

ᠡᠻᠣ ᠤᠰᠤᠨ ᠤ ᠰᠠᠪᠠ ᠳᠤ ᠬᠠᠳᠠᠭᠠᠯᠠᠭᠰᠠᠨ ᠬᠦᠨᠡᠰᠦᠨ ᠦ ᠵᠣᠷᠢᠭᠤᠯᠤᠯᠲᠠ ᠢᠢᠨ ᠰᠢᠩ᠋ᠭᠡᠨ ᠵᠦᠢᠯ ᠬᠢᠮᠢ ᠢᠢᠨ ᠤᠷᠪᠠᠯ ᠳᠤ ᠣᠷᠣᠬᠤ ᠦᠭᠡᠢ᠂ ᠬᠦᠴᠢᠯ ᠱᠦᠯᠲᠦ ᠪᠤᠰᠤᠳ ᠬᠢᠮᠢ ᠢᠢᠨ ᠢᠳᠡᠮᠡᠬᠡᠢ ᠪᠣᠳᠠᠰ ᠲᠤ ᠲᠡᠰᠪᠦᠷᠢᠲᠡᠢ ᠰᠢᠨᠵᠢ ᠴᠢᠨᠠᠷ ᠲᠠᠢ ᠭᠡᠳᠡᠭ ᠢ ᠬᠡᠯᠡᠯ᠎ᠡ᠃

ᠬᠦᠨᠡᠰᠦᠨ ᠦ ᠵᠣᠷᠢᠭᠤᠯᠤᠯᠲᠠ ᠢᠢᠨ ᠪᠤᠰᠤ ᠬᠤᠪᠠᠨᠴᠢᠷ ᠰᠠᠪᠠᠨ ᠤ ᠨᠠᠢᠢᠷᠠᠯᠭ᠎ᠠ ᠳᠤ ᠣᠷᠣᠳᠠᠭ ᠬᠢᠮᠢ ᠢᠢᠨ ᠪᠣᠳᠠᠰ ᠤᠳ ᠬᠦᠨᠡᠰᠦᠨ ᠦ ᠲᠦᠭᠦᠬᠡᠢ ᠡᠳ᠋᠂ ᠪᠦᠲᠦᠭᠡᠭ᠍ᠳᠡᠬᠦᠨ ᠳᠥ ᠰᠢᠩ᠋ᠭᠡᠨ᠂ ᠤᠯᠠᠮ ᠢᠶᠠᠷ ᠬᠦᠮᠦᠨ ᠦ ᠪᠡᠶ᠎ᠡ ᠳᠥ ᠣᠷᠣᠵᠤ ᠬᠤᠷᠠᠮᠲᠤᠯᠠᠭᠳᠠᠭᠰᠠᠭᠠᠷ ᠣᠯᠠᠨ ᠲᠥᠷᠥᠯ ᠦᠨ ᠡᠪᠡᠳᠴᠢᠨ ᠦ ᠰᠠᠭᠤᠷᠢ ᠰᠢᠯᠲᠠᠭᠠᠨ ᠪᠣᠯᠳᠠᠭ᠃

ᠬᠣᠣᠷᠲᠠᠢ᠂ ᠬᠣᠣᠷ ᠦᠭᠡᠢ ᠬᠠᠪᠤᠳᠠᠷ᠂ ᠤᠷᠤᠭ ᠤᠨ ᠭᠠᠵᠢᠭ᠂ ᠦᠷᠡᠭᠦᠢᠢᠳᠡᠯ᠂ ᠮᠡᠳᠡᠷᠡᠯ ᠦᠨ ᠰᠠᠵᠢᠯᠳᠠ᠂ ᠬᠡᠦᠬᠡᠳ ᠦᠨ ᠲᠠᠷᠢᠬᠢᠨ ᠤ ᠬᠥᠭ᠍ᠵᠢᠯ ᠰᠠᠭᠠᠲᠠᠬᠤ᠂ ᠣᠢ ᠲᠣᠭᠲᠠᠭᠠᠯᠲᠠ᠂ ᠰᠡᠳᠬᠢᠨ ᠪᠣᠳᠣᠬᠤ ᠴᠢᠳᠠᠪᠤᠷᠢ ᠪᠠᠭᠤᠷᠠᠬᠤ᠂ ᠦᠶᠡᠨ ᠦ ᠦᠷᠪᠢᠰᠦᠯ᠂ ᠠᠷᠠᠰᠤᠨ ᠤ ᠡᠪᠡᠳᠴᠢᠯᠡᠯ ᠵᠡᠷᠭᠡ ᠡᠪᠡᠳᠴᠢᠨ ᠡᠭᠦᠰᠬᠡᠳᠡᠭ ᠬᠢᠮᠢ ᠢᠢᠨ ᠪᠣᠳᠠᠰ ᠤᠳ ᠨᠠᠢᠢᠷᠠᠯᠭ᠎ᠠ ᠳᠤ ᠨᠢ ᠣᠷᠣᠳᠠᠭ ᠤᠴᠢᠷ ᠳᠡᠯᠡᠬᠡᠢ ᠢᠢᠨ ᠤᠯᠤᠰ ᠣᠷᠣᠨ ᠨᠤᠭᠤᠳ ᠲᠠᠲᠠᠭᠠᠯᠵᠠᠵᠤ ᠪᠠᠢᠢᠭ᠎ᠠ ᠴᠤ ᠮᠠᠨ ᠤ ᠤᠯᠤᠰ ᠲᠤ ᠬᠡᠷᠡᠭᠯᠡᠭᠡ ᠥᠨᠳᠥᠷ ᠬᠡᠪ ᠢᠶᠡᠷ ᠪᠠᠢᠢᠨ᠎ᠠ᠃

ᠲᠤᠬᠠᠢᠢᠯᠠᠪᠠᠯ ᠨᠢᠭᠡ ᠡᠷᠦᠬᠡ ᠳᠤᠮᠳᠠᠵᠢ ᠪᠠᠷ 20-100 ᠯᠢᠲ᠋ᠷ ᠦᠨ ᠪᠠᠭᠲᠠᠭᠠᠮᠵᠢᠲᠠᠢ 3-4 ᠰᠢᠷᠬᠡᠭ᠌᠂ ᠨᠡᠢᠢᠲᠡ ᠬᠣᠶᠠᠷ ᠰᠠᠶ᠎ᠠ ᠭᠠᠷᠤᠢ ᠵᠣᠷᠢᠭᠤᠯᠤᠯᠲᠠ ᠢᠢᠨ ᠪᠤᠰᠤ ᠬᠦᠨᠡᠰᠦᠨ ᠦ ᠰᠠᠪᠠ ᠢᠢ ᠡᠳᠦᠷ ᠲᠤᠲᠤᠮ ᠤᠨ ᠠᠮᠢᠳᠤᠷᠠᠯ ᠳᠠᠭᠠᠨ ᠠᠰᠢᠭᠯᠠᠳᠠᠭ᠃ ᠡᠨᠡ ᠨᠢ ᠪᠤᠰᠤᠳ ᠲᠥᠷᠥᠯ ᠦᠨ ᠰᠠᠪᠠᠨ ᠤ ᠬᠡᠷᠡᠭᠯᠡᠭᠡ ᠲᠡᠢ ᠬᠠᠷᠢᠴᠠᠭᠤᠯᠬᠤ ᠳᠤ ᠬᠣᠶᠠᠷ ᠳᠠᠬᠢᠨ ᠥᠨᠳᠥᠷ ᠭᠡᠰᠡᠨ ᠦᠭᠡ ᠶᠤᠮ᠃

ᠨᠡᠢᠢᠭᠡᠮ ᠤᠨ ᠡᠷᠡᠭᠦᠯ ᠮᠡᠨᠳᠦ ᠢᠢᠨ ᠬᠦᠷᠢᠶᠡᠯᠡᠩ 829 ᠡᠷᠦᠬᠡ ᠢᠢᠨ ᠳᠤᠮᠳᠠ ᠰᠤᠳᠤᠯᠭ᠎ᠠ ᠶᠠᠪᠤᠭᠤᠯᠬᠤ ᠳᠤ ᠬᠥᠳᠡᠭᠡ ᠣᠷᠣᠨ ᠨᠤᠲᠤᠭ ᠲᠤ 78᠂ ᠬᠣᠲᠠᠳ 50 ᠭᠠᠷᠤᠢ ᠬᠤᠪᠢ ᠨᠢ ᠬᠢᠮᠢ ᠢᠢᠨ ᠪᠣᠳᠠᠰ᠂ ᠲᠧᠭᠨᠢᠭ ᠦᠨ ᠲᠣᠰ ᠬᠠᠳᠠᠭᠠᠯᠠᠬᠤ ᠵᠣᠷᠢᠭᠤᠯᠤᠯᠲᠠ ᠲᠠᠢ ᠰᠠᠪᠠ ᠠᠰᠢᠭᠯᠠᠳᠠᠭ ᠨᠢ ᠲᠣᠳᠣᠷᠬᠠᠢ ᠪᠣᠯᠵᠠᠢ᠃

ᠰᠠᠪᠠ᠂ ᠪᠠᠭᠯᠠᠭ᠎ᠠ᠂ ᠪᠣᠭᠣᠳᠠᠯ ᠤᠨ ᠦᠢᠯᠡᠳᠪᠦᠷᠢᠯᠡᠯ ᠰᠢᠨ᠎ᠡ ᠰᠠᠯᠪᠤᠷᠢ ᠬᠡᠳᠦᠢ ᠴᠤ ᠳᠣᠲᠣᠭᠠᠳᠤ ᠢᠢᠨ ᠬᠡᠷᠡᠭᠴᠡᠭᠡᠨ ᠦ 35 ᠬᠤᠪᠢ ᠢᠢ ᠬᠠᠩᠭ᠋ᠠᠳᠠᠭ ᠪᠥᠭᠡᠳ ᠵᠢᠯ ᠳᠥ 200 ᠭᠠᠷᠤᠢ ᠲᠡᠷᠪᠤᠮ ᠲᠥᠭᠥᠷᠢᠭ᠌ ᠦᠨ ᠪᠦᠲᠦᠭᠡᠭ᠍ᠳᠡᠬᠦᠨ ᠪᠣᠷᠣᠯᠠᠭᠤᠯᠵᠤ ᠪᠠᠢᠢᠨ᠎ᠠ᠃

《ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠰᠠᠪᠠ᠂ ᠪᠠᠭᠯᠠᠭ᠎ᠠ᠂ ᠪᠣᠭᠣᠳᠠᠯ ᠤᠨ ᠦᠢᠯᠡᠳᠪᠦᠷᠢᠯᠡᠯ ᠢ ᠬᠥᠭ᠍ᠵᠢᠭᠦᠯᠬᠦ ᠵᠣᠷᠢᠯᠭ᠎ᠠ ᠪᠠᠷ ᠥᠩ᠋ᠭᠡᠷᠡᠭᠰᠡᠨ ᠵᠢᠯ 22 ᠲᠡᠷᠪᠤᠮ ᠲᠥᠭᠦᠷᠢᠭ᠌ ᠦᠨ ᠳᠡᠮᠵᠢᠯᠭᠡ ᠦᠵᠡᠭᠦᠯᠦᠭᠰᠡᠨ᠃ ᠡᠨᠡ ᠵᠢᠯ 60 ᠣᠷᠴᠢᠮ ᠲᠡᠷᠪᠤᠮ ᠲᠥᠭᠥᠷᠢᠭ᠌ ᠢ ᠡᠷᠭᠢᠯᠲᠡ ᠢᠢᠨ ᠬᠥᠷᠥᠩ᠋ᠭᠡ ᠢᠢᠨ ᠵᠡᠭᠡᠯᠡ ᠬᠡᠯᠪᠡᠷᠢ ᠪᠡᠷ ᠣᠯᠭᠤᠬᠤ ᠪᠠᠷ ᠲᠥᠯᠥᠪᠯᠡᠭᠰᠡᠨ ᠪᠠᠢᠢᠨ᠎ᠠ᠃ ᠥᠭᠡᠷ᠎ᠡ ᠪᠡᠷ ᠬᠡᠯᠡᠪᠡᠯ ᠨᠢᠭᠡ ᠠᠵᠤ ᠠᠬᠤᠢ ᠢᠢᠨ ᠨᠢᠭᠡᠴᠡ ᠳᠥ ᠭᠤᠷᠪᠠ ᠬᠦᠷᠲᠡᠯ᠎ᠡ ᠲᠡᠷᠪᠤᠮ ᠲᠥᠭᠥᠷᠢᠭ᠌ ᠦᠨ ᠵᠡᠭᠡᠯᠡ ᠣᠯᠭᠣᠬᠤ ᠶᠤᠮ᠃

ᠮᠣᠩ᠋ᠭᠣᠯ ᠤᠯᠤᠰ ᠤᠨ ᠵᠠᠰᠠᠭ ᠤᠨ ᠭᠠᠵᠠᠷ ᠵᠣᠷᠢᠭᠤᠯᠤᠯᠲᠠ ᠢᠢᠨ ᠪᠤᠰᠤ ᠰᠠᠪᠠᠨ ᠤ ᠬᠣᠣᠷ ᠬᠥᠨᠥᠭᠡᠯ ᠢ ᠲᠠᠨᠢᠭᠤᠯᠬᠤ᠂ ᠡᠷᠡᠭᠦᠯ ᠮᠡᠨᠳᠦ ᠳᠥ ᠬᠣᠣᠷᠲᠠᠢ᠂ ᠰᠥᠷᠭᠦ ᠨᠥᠯᠥᠭᠡ ᠲᠡᠢ ᠨᠢ ᠲᠣᠭᠲᠠᠭᠠᠭᠳᠠᠭᠰᠠᠨ ᠰᠠᠪᠠ ᠢᠢ ᠬᠤᠳᠠᠯᠳᠤᠭ᠎ᠠ᠂ ᠦᠢᠯᠡᠴᠢᠯᠡᠭᠡ᠂ ᠨᠡᠢᠢᠲᠡ ᠢᠢᠨ ᠬᠣᠭᠣᠯᠠ᠂ ᠰᠤᠷᠭᠠᠭᠤᠯᠢ᠂ ᠴᠡᠴᠡᠷᠯᠢᠭ᠂ ᠳᠣᠲᠣᠭᠤᠷ ᠪᠠᠢᠢᠷᠢ᠂ ᠡᠮᠨᠡᠯᠭᠡ ᠵᠡᠷᠭᠡ ᠭᠠᠵᠠᠷ ᠲᠤ ᠬᠡᠷᠡᠭᠯᠡᠬᠦ ᠢᠢ ᠬᠤᠷᠢᠭᠯᠠᠬᠤ᠂ ᠡᠷᠦᠬᠡ ᠢᠢᠨ ᠬᠡᠷᠡᠭᠯᠡᠭᠡᠨ ᠡᠴᠡ ᠬᠠᠯᠠᠬᠤ ᠵᠣᠷᠢᠯᠲᠠ ᠲᠠᠯᠪᠢᠵᠤ 2016-2021 ᠣᠨ ᠳᠤ 《ᠰᠠᠪᠠ᠂ ᠪᠠᠭᠯᠠᠭ᠎ᠠ᠂ ᠪᠣᠭᠣᠳᠠᠯ》 ᠦᠨᠳᠦᠰᠦᠨ ᠦ ᠬᠥᠲᠥᠯᠪᠦᠷᠢ ᠬᠡᠷᠡᠭᠵᠢᠭᠦᠯᠵᠡᠢ᠃