ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠳᠤ ᠦᠢᠯᠡ ᠠᠵᠢᠯᠯᠠᠭ᠎ᠠ ᠶᠠᠪᠤᠭᠤᠯᠳᠠᠭ 《ᠪᠧᠰᠲ ᠱᠥᠶᠧᠰ》᠂《ᠮᠣᠩ-ᠢᠷᠡᠭᠡᠳᠦᠢ》 ᠬᠠ᠂ ᠬᠤ᠂ ᠻᠤ᠂ ᠍ ᠳᠤ ᠠᠵᠢᠯᠯᠠᠯ᠎ᠠ᠃
ᠳᠡᠭᠡᠷᠡᠬᠢ ᠬᠣᠶᠠᠷ ᠻᠣᠮᠫᠠᠨᠢ ᠢᠢᠨ ᠦᠢᠯᠡᠳᠪᠦᠷᠢ ᠻᠯᠠᠰᠲ᠋ᠸᠷ ᠤᠨ ᠰᠢᠰᠲ᠋ᠧᠮ ᠢᠶᠡᠷ ᠬᠠᠮᠲᠤᠷᠠᠨ ᠠᠵᠢᠯᠯᠠᠵᠤ᠂ ᠮᠠᠯ ᠤᠨ ᠭᠠᠷᠤᠯ ᠲᠠᠢ ᠠᠷᠠᠰᠤ ᠰᠢᠷᠢ᠂ ᠲᠦᠭᠦᠬᠡᠢ ᠡᠳ᠋ ᠍ ᠢ ᠡᠴᠦᠰ ᠦᠨ ᠪᠦᠲᠦᠭᠡᠭ᠍ᠳᠡᠬᠦᠨ ᠪᠣᠯᠭᠠᠵᠤ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠢᠢᠨ ᠬᠥᠭ᠍ᠵᠢᠯ ᠢ ᠱᠠᠲᠤ ᠠᠬᠢᠭᠤᠯᠬᠤ᠂ ᠲᠡᠷᠡ ᠳᠤᠮᠳᠠ ᠪᠠᠨ ᠮᠠᠯ ᠤᠨ ᠭᠠᠷᠤᠯ ᠲᠠᠢ ᠲᠦᠭᠦᠬᠡᠢ ᠡᠳ᠋ ᠍ ᠢ ᠡᠳ᠋ ᠍ ᠦᠨ ᠵᠠᠰᠠᠭ ᠤᠨ ᠡᠷᠭᠢᠯᠲᠡ ᠳᠥ ᠤᠷᠤᠭᠤᠯᠬᠤ᠂ ᠠᠵᠢᠯ ᠤᠨ ᠪᠠᠢᠢᠷᠢ ᠪᠤᠢ ᠪᠣᠯᠭᠠᠬᠤ᠂ ᠨᠡᠮᠡᠭᠦᠦ ᠥᠷᠲᠡᠭ ᠰᠢᠩ᠋ᠭᠡᠭ᠍ᠰᠡᠨ ᠪᠦᠲᠦᠭᠡᠭ᠍ᠳᠡᠬᠦᠨ ᠦᠢᠯᠡᠳᠪᠦᠷᠢᠯᠡᠬᠦ᠂ ᠮᠠᠯᠴᠢᠳ ᠤᠨ ᠣᠷᠣᠯᠭ᠎ᠠ ᠢᠢ ᠨᠡᠮᠡᠭᠳᠡᠭᠦᠯᠵᠦ᠂ ᠠᠬᠤᠢ ᠠᠮᠢᠳᠤᠷᠠᠯ ᠢ ᠨᠢ ᠰᠠᠢᠢᠵᠢᠷᠠᠭᠤᠯᠬᠤ ᠵᠡᠷᠭᠡ ᠨᠥᠬᠥᠴᠡᠯ ᠪᠦᠷᠢᠳᠦᠭᠦᠯᠬᠦ ᠵᠣᠷᠢᠯᠭ᠎ᠠ ᠪᠠᠷ 《ᠴᠠᠭᠠᠨ ᠠᠯᠲᠠ》 ᠦᠨᠳᠦᠰᠦᠨ ᠦ ᠬᠥᠲᠥᠯᠪᠦᠷᠢ ᠬᠡᠷᠡᠭᠵᠢᠭᠦᠯᠬᠦ ᠭᠡᠵᠦ ᠪᠠᠢᠢᠨ᠎ᠠ᠃
ᠡᠨᠡ ᠬᠥᠲᠦᠯᠪᠦᠷᠢ ᠳᠡᠭᠡᠷᠡᠬᠢ ᠰᠠᠯᠪᠤᠷᠢ ᠢᠢᠨ ᠬᠠᠤᠯᠢ ᠡᠷᠬᠡ ᠵᠦᠢ᠂ ᠬᠥᠷᠦᠩ᠋ᠭᠡ ᠣᠷᠣᠭᠤᠯᠤᠯᠲᠠ᠂ ᠰᠠᠩᠬᠦᠵᠢᠯᠲᠡ᠂ ᠲᠠᠲᠠᠪᠤᠷᠢ ᠢᠢᠨ ᠣᠷᠴᠢᠨ᠂ ᠲᠦᠭᠦᠬᠡᠢ ᠡᠳ᠋ ᠪᠡᠯᠡᠳᠬᠡᠯ ᠦᠨ ᠲᠣᠭᠲᠠᠯᠴᠠᠭ᠎ᠠ ᠢᠢ ᠰᠠᠢᠢᠵᠢᠷᠠᠭᠤᠯᠬᠤ᠂ ᠦᠢᠯᠡᠳᠪᠦᠷᠢ ᠨᠤᠭᠦᠳ ᠦᠨ ᠰᠠᠭᠤᠷᠢᠯᠠᠭᠳᠠᠭᠰᠠᠨ ᠬᠦᠴᠦᠨ ᠴᠢᠳᠠᠯ ᠤᠨ ᠠᠰᠢᠭᠯᠠᠯᠲᠠ ᠢᠢ ᠳᠡᠭᠡᠭ᠍ᠰᠢᠯᠡᠭᠦᠯᠬᠦ᠂ ᠲᠧᠭᠨᠢᠭ᠂ ᠲᠧᠭᠨᠣᠯᠣᠭᠢ ᠢᠢᠨ ᠰᠢᠨᠡᠴᠢᠯᠡᠯ ᠬᠢᠬᠦ᠂ ᠳᠣᠲᠣᠭᠠᠳᠤ᠂ ᠭᠠᠳᠠᠭᠠᠳᠤ ᠵᠠᠬ᠎ᠠ ᠵᠡᠭᠡᠯᠢ ᠳᠤ ᠡᠵᠡᠯᠡᠬᠦ ᠬᠤᠪᠢ ᠬᠡᠮᠵᠢᠶ᠎ᠡ ᠢᠢ ᠨᠡᠮᠡᠭᠳᠡᠭᠦᠯᠬᠦ ᠳᠥ ᠲᠣᠮᠣᠬᠠᠨ ᠲᠦᠯᠬᠢᠴᠡ ᠪᠣᠯᠬᠤ ᠶᠤᠮ᠃
ᠬᠥᠲᠥᠯᠪᠦᠷᠢ ᠢᠢ ᠠᠮᠵᠢᠯᠲᠠᠲᠠᠢ ᠬᠡᠷᠡᠭᠵᠢᠭᠦᠯᠦᠭᠰᠡᠨ ᠢᠶᠡᠷ ᠨᠣᠯᠣᠤᠷ ᠤᠨ ᠰᠠᠯᠪᠤᠷᠢ ᠢᠢᠨ ᠪᠣᠷᠣᠯᠠᠭᠤᠯᠤᠯᠲᠠ ᠢᠢᠨ ᠣᠷᠣᠯᠭ᠎ᠠ ᠭᠡᠬᠦ ᠳᠥ ᠯᠠ ᠣᠳᠣ ᠢᠢᠨ ᠬᠢ ᠠᠴᠠ 4-5 ᠳᠠᠬᠢᠨ᠂ ᠠᠷᠠᠰᠤ᠂ ᠰᠢᠷᠢ᠂ ᠨᠡᠬᠡᠶ ᠢᠢᠨ ᠬᠢ 2-3 ᠳᠠᠬᠢᠨ ᠨᠡᠮᠡᠭᠳᠡᠬᠦ ᠪᠣᠯᠤᠮᠵᠢᠲᠠᠢ ᠭᠡᠰᠡᠨ ᠤᠷᠢᠳᠴᠢᠯᠠᠭᠰᠠᠨ ᠲᠣᠭᠠᠴᠠᠭ᠎ᠠ ᠭᠠᠷᠴᠠᠢ᠃
ᠡᠬᠢᠨ ᠦ ᠡᠭᠡᠯᠵᠢ ᠳᠥ ᠲᠦᠭᠦᠬᠡᠢ ᠡᠳ᠋ ᠍ ᠦᠨ ᠴᠢᠨᠠᠷ᠂ ᠮᠠᠯ ᠤᠨ ᠪᠦᠷᠢᠳᠬᠡᠯ ᠦᠨ ᠰᠢᠰᠲ᠋ᠧᠮ ᠢ ᠰᠠᠢᠢᠵᠢᠷᠠᠭᠤᠯᠬᠤ᠂ ᠦᠢᠯᠡᠳᠪᠦᠷᠢ᠂ ᠮᠠᠯᠴᠢᠳ ᠢ ᠬᠣᠯᠪᠣᠵᠤ᠂ ᠲᠦᠭᠦᠬᠡᠢ ᠡᠳ᠋ ᠪᠡᠯᠡᠳᠬᠡᠯ᠂ ᠨᠡᠢᠢᠯᠡᠭᠦᠯᠦᠯᠲᠡ᠂ ᠪᠣᠯᠪᠠᠰᠤᠷᠠᠭᠤᠯᠤᠯᠲᠠ᠂ ᠦᠢᠯᠡᠳᠪᠦᠷᠢᠯᠡᠯ ᠦᠨ ᠨᠢᠭᠡᠳᠦᠭᠰᠡᠨ ᠲᠣᠭᠲᠠᠯᠴᠠᠭ᠎ᠠ ᠪᠦᠷᠢᠳᠦᠭᠦᠯᠬᠦ᠂ ᠪᠣᠯᠪᠠᠰᠤᠨ ᠬᠦᠴᠦᠨ ᠪᠡᠯᠡᠳᠬᠡᠬᠦ ᠱᠠᠭᠠᠷᠳᠠᠯᠭ᠎ᠠ ᠲᠠᠢ ᠢᠢ ᠠᠵᠤ ᠠᠬᠤᠢ ᠢᠢᠨ ᠨᠢᠭᠡᠴᠡ ᠨᠤᠭᠦᠳ ᠪᠣᠯᠤᠨ ᠰᠠᠯᠪᠤᠷᠢ ᠢᠢᠨ ᠮᠡᠷᠭᠡᠵᠢᠯ ᠦᠨ ᠬᠣᠯᠪᠣᠭᠠᠨ ᠤ ᠤᠳᠤᠷᠢᠳᠤᠯᠭ᠎ᠠ ᠢᠯᠡᠷᠬᠡᠢᠢᠯᠡᠯ᠎ᠡ᠃
《ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠠᠷᠠᠰᠤ᠂ ᠰᠢᠷᠢ ᠪᠡᠯᠡᠳᠬᠡᠯ᠂ ᠦᠢᠯᠡᠳᠪᠦᠷᠢᠯᠡᠯ ᠦᠨ ᠵᠡᠭᠡᠯᠡ ᠠᠪᠤᠭᠰᠠᠨ ᠠᠵᠤ ᠠᠬᠤᠢ ᠢᠢᠨ ᠨᠢᠭᠡᠴᠡ ᠨᠤᠭᠦᠳ 2022 ᠣᠨ ᠳᠤ 14 ᠲᠡᠷᠪᠤᠮ ᠭᠠᠷᠤᠢ ᠲᠥᠭᠥᠷᠢᠭ᠌ ᠢᠶᠡᠷ ᠲᠦᠭᠦᠬᠡᠢ ᠡᠳ᠋᠂ ᠲᠤᠰᠯᠠᠬᠤ ᠮᠠᠲ᠋ᠧᠷᠢᠶᠠᠯ ᠬᠤᠳᠠᠯᠳᠤᠨ ᠠᠪᠴᠤ᠂ 1.2 ᠲᠡᠷᠪᠤᠮ ᠭᠠᠷᠤᠢ ᠲᠥᠭᠥᠷᠢᠭ᠌ ᠦᠨ ᠦᠨᠳᠦᠰᠦᠨ ᠬᠥᠷᠥᠩ᠋ᠭᠡ ᠪᠡᠯᠡᠳᠬᠡᠵᠦ᠂ ᠬᠣᠶᠠᠷ ᠲᠡᠷᠪᠤᠮ ᠭᠠᠷᠤᠢ ᠲᠥᠭᠥᠷᠢᠭ᠌ ᠦᠨ ᠲᠠᠲᠠᠪᠤᠷᠢ ᠲᠥᠯᠦᠭᠰᠡᠨ ᠪᠠᠢᠢᠨ᠎ᠠ᠃
ᠬᠦᠨᠡᠰᠦ᠂ ᠬᠥᠳᠡᠭᠡ ᠠᠵᠤ ᠠᠬᠤᠢ ᠢᠢᠨ ᠭᠠᠷᠤᠯ ᠲᠠᠢ ᠲᠦᠭᠦᠬᠡᠢ ᠡᠳ᠋ ᠪᠣᠯᠪᠠᠰᠤᠷᠠᠭᠤᠯᠬᠤ ᠵᠣᠷᠢᠭᠤᠯᠤᠯᠲᠠ ᠲᠠᠢ᠂ ᠲᠤᠬᠠᠢ ᠢᠢᠨ ᠦᠢᠯᠡᠳᠪᠦᠷᠢ ᠢᠢᠨ ᠦᠨᠳᠦᠰᠦᠨ ᠬᠥᠷᠥᠩ᠋ᠭᠡ ᠪᠡᠷ ᠪᠦᠷᠢᠳᠬᠡᠭ᠍ᠳᠡᠬᠦ ᠰᠢᠨ᠎ᠡ ᠲᠣᠨᠣᠭ ᠲᠥᠬᠥᠭᠡᠷᠦᠮᠵᠢ ᠢᠢ ᠢᠮᠫᠣᠷᠲ ᠤᠨ ᠪᠠᠷᠠᠭᠠᠨ ᠤ ᠭᠠᠢᠢᠯᠢ ᠢᠢᠨ ᠠᠯᠪᠠᠨ ᠲᠠᠲᠠᠪᠤᠷᠢ ᠠᠴᠠ 2027 ᠣᠨ ᠤ 01 ᠳ᠋ᠤᠭᠡᠷ ᠰᠠᠷ᠎ᠠ ᠢᠢᠨ 01 ᠍ ᠦ ᠡᠳᠦᠷ ᠬᠦᠷᠲᠡᠯ᠎ᠡ 100 ᠬᠤᠪᠢ ᠬᠥᠩ᠋ᠭᠡᠯᠡᠭᠰᠡᠨ᠃ ᠡᠨᠡ ᠬᠥᠩ᠋ᠭᠡᠯᠡᠯᠲᠡ ᠳᠥ 426 ᠨᠡᠷ᠎ᠡ ᠲᠥᠷᠦᠯ ᠦᠨ ᠲᠣᠨᠣᠭ ᠲᠥᠬᠦᠭᠡᠷᠦᠮᠵᠢ ᠬᠠᠮᠤᠷᠤᠭᠳᠠᠵᠤ ᠪᠠᠢᠢᠨ᠎ᠠ᠃
ᠨᠣᠣᠰᠣ᠂ ᠨᠣᠯᠣᠤᠷ᠂ ᠠᠷᠠᠰᠤ ᠰᠢᠷᠢ᠂ ᠮᠣᠳᠣ᠂ ᠮᠣᠳᠣᠨ ᠲᠠᠪᠢᠯᠭ᠎ᠠ᠂ ᠣᠶᠣᠮᠠᠯ ᠪᠦᠲᠦᠭᠡᠭ᠍ᠳᠡᠬᠦᠨ᠂ ᠬᠤᠪᠴᠠᠰᠤ᠂ ᠬᠡᠪᠯᠡᠯ᠂ ᠰᠠᠪᠠ᠂ ᠪᠠᠭᠯᠠᠭ᠎ᠠ ᠪᠣᠭᠣᠳᠠᠯ᠂ ᠳᠠᠪᠲᠠᠨ ᠪᠣᠯᠪᠠᠰᠤᠷᠠᠭᠤᠯᠬᠤ᠂ ᠭᠣᠸ᠎ᠠ ᠰᠠᠢᠢᠬᠠᠨ᠂ ᠠᠬᠤᠢ ᠢᠢᠨ ᠬᠢᠮᠢ ᠢᠢᠨ ᠴᠢᠭᠯᠡᠯ ᠢᠶᠡᠷ 3.200 ᠭᠠᠷᠤᠢ ᠠᠵᠤ ᠠᠬᠤᠢ ᠢᠢᠨ ᠨᠢᠭᠡᠴᠡ᠂ ᠦᠢᠯᠡᠳᠪᠦᠷᠢ ᠳᠥ 44 ᠣᠷᠴᠢᠮ ᠮᠢᠩᠭ᠋ᠠᠨ ᠬᠦᠮᠦᠨ ᠠᠵᠢᠯᠯᠠᠵᠤ ᠪᠠᠢᠢᠭ᠎ᠠ ᠶᠤᠮ᠃
《ᠪᠧᠰᠲ ᠱᠥᠶᠧᠰ》ᠬᠠ᠂ ᠬᠤ᠂ ᠻᠤ᠂
ᠲᠤᠰ ᠻᠣᠮᠫᠠᠨᠢ 2001 ᠣᠨ ᠳᠤ ᠭᠤᠲᠤᠯ᠂ ᠴᠦᠩᠬᠦ᠂ ᠠᠷᠠᠰᠤᠨ ᠡᠳ᠋ᠯᠡᠯ ᠦᠨ ᠦᠢᠯᠡᠳᠪᠦᠷᠢᠯᠡᠯ᠂ ᠬᠤᠳᠠᠯᠳᠤᠭ᠎ᠠ᠂ ᠵᠠᠰᠠᠪᠤᠷᠢ ᠦᠢᠯᠡᠴᠢᠯᠡᠭᠡᠨ ᠦ ᠴᠢᠭᠯᠡᠯ ᠢᠶᠡᠷ ᠦᠢᠯᠡ ᠠᠵᠢᠯᠯᠠᠭ᠎ᠠ ᠪᠠᠨ ᠡᠬᠢᠯᠡᠭᠰᠡᠨ᠃ ᠣᠳᠣ 100 ᠭᠠᠷᠤᠢ ᠬᠦᠮᠦᠨ ᠢ ᠠᠵᠢᠯ ᠤᠨ ᠪᠠᠢᠢᠷᠢ ᠪᠠᠷ ᠬᠠᠩᠭ᠋ᠠᠵᠤ ᠪᠠᠢᠢᠭ᠎ᠠ ᠪᠥᠭᠡᠳ ᠭᠤᠲᠤᠯ ᠦᠢᠯᠡᠳᠪᠦᠷᠢᠯᠡᠯ ᠦᠨ ᠰᠠᠯᠪᠤᠷᠢ ᠢᠢᠨ ᠲᠡᠷᠢᠭᠦᠯᠡᠭᠴᠢ ᠻᠣᠮᠫᠠᠨᠢ ᠪᠣᠯᠵᠠᠢ᠃ 2024 ᠣᠨ ᠠᠴᠠ ᠭᠤᠲᠤᠯ ᠤᠨ ᠲᠦᠷᠡᠢ ᠳᠥ ᠭᠠᠳᠠᠭᠤᠷ ᠤᠯᠠ ᠢᠢ ᠰᠢᠭᠤᠳ ᠴᠢᠳᠬᠤᠳᠠᠭ ᠠᠦ᠋ᠲ᠋ᠣᠮᠠᠲ ᠮᠠᠱᠢᠨ ᠢ ᠡᠬᠡ ᠣᠷᠣᠨ ᠳᠠᠭᠠᠨ ᠠᠩᠬ᠎ᠠ ᠨᠡᠪᠲᠡᠷᠡᠭᠦᠯᠦᠭᠰᠡᠨ ᠪᠠᠢᠢᠨ᠎ᠠ᠃
《Monitor ᠮᠣᠩ-ᠢᠷᠡᠭᠡᠳᠦᠢ》ᠬᠠ᠂ ᠬᠤ᠂ ᠻᠤ᠂
ᠲᠤᠰ ᠻᠣᠮᠫᠠᠨᠢ ᠠᠷᠠᠰᠤ᠂ ᠰᠢᠷᠢ ᠵᠡᠷᠭᠡ ᠲᠦᠭᠦᠬᠡᠢ ᠡᠳ᠋ ᠍ ᠢ ᠬᠠᠭᠠᠰ ᠪᠣᠯᠪᠠᠰᠤᠷᠠᠭᠤᠯᠤᠨ ᠣᠯᠠᠨ ᠤᠯᠤᠰ ᠤᠨ ᠵᠠᠬ᠎ᠠ ᠵᠡᠭᠡᠯᠢ ᠳᠥ ᠭᠠᠷᠭᠠᠬᠤ ᠢᠢᠨ ᠵᠡᠷᠭᠡᠴᠡᠭᠡ ᠪᠣᠭ ᠮᠠᠯ ᠤᠨ ᠠᠷᠠᠰᠤ ᠪᠠᠷ ᠵᠥᠭᠡᠯᠡᠨ ᠰᠠᠪᠢᠬᠢ᠂ ᠭᠤᠲᠤᠯ ᠤᠨ ᠳᠣᠲᠣᠷ᠎ᠠ ᠡᠳ᠋ᠯᠡᠯ ᠦᠨ ᠵᠣᠷᠢᠭᠤᠯᠤᠯᠲᠠ ᠲᠠᠢ ᠰᠠᠪᠢᠬᠢ᠂ ᠪᠣᠳᠠ ᠢᠢᠨ ᠰᠢᠷᠢ ᠪᠡᠷ ᠭᠤᠲᠤᠯ ᠤᠨ ᠳᠡᠭᠡᠳᠦ ᠪᠡᠶ᠎ᠡ᠂ ᠴᠦᠩᠬᠦᠨ ᠦ ᠵᠣᠷᠢᠭᠤᠯᠤᠯᠲᠠ ᠲᠠᠢ ᠠᠷᠠᠰᠤ᠂ ᠰᠢᠷᠢ ᠦᠢᠯᠡᠳᠪᠦᠷᠢᠯᠡᠵᠦ ᠪᠠᠢᠢᠨ᠎ᠠ᠃
2020 ᠣᠨ ᠳᠤ ᠰᠠᠯᠪᠤᠷᠢ ᠳᠠᠭᠠᠨ ᠠᠩᠬᠠᠯᠠᠨ 2020 ᠣᠨ ᠳᠤ ᠣᠯᠠᠨ ᠤᠯᠤᠰ ᠤᠨ ᠴᠢᠨᠠᠷ ᠤᠨ ᠤᠳᠤᠷᠢᠳᠤᠯᠭ᠎ᠠ ᠢᠢᠨ ᠲᠣᠭᠲᠠᠯᠴᠠᠭ᠎ᠠ ISO 9001 ᠰᠲ᠋ᠠᠨ᠋ᠳᠠᠷᠲ ᠢ ᠬᠡᠷᠡᠭᠵᠢᠭᠦᠯᠵᠦ᠂ ᠠᠷᠠᠰᠤ ᠰᠢᠷᠢᠨ ᠦ ᠰᠠᠯᠪᠤᠷᠢ ᠢᠢᠨ ᠬᠥᠭ᠍ᠵᠢᠯ ᠢ ᠱᠠᠲᠤ ᠠᠬᠢᠭᠤᠯᠵᠠᠢ᠃