ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠡᠦᠬᠡᠳ ᠬᠠᠮᠠᠭᠠᠯᠠᠯ ᠤᠨ ᠤᠤᠭᠠᠨ ᠪᠠᠢᠢᠭᠤᠯᠤᠯᠭ᠎ᠠ 《ᠥᠨᠢᠷ ᠪᠦᠯᠢ ᠬᠡᠦᠬᠡᠳ ᠦᠨ ᠲᠥᠪ》 ᠍ ᠲᠤ ᠠᠵᠢᠯᠯᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ 《ᠥᠨᠢᠷ ᠪᠦᠯᠢ ᠬᠡᠦᠬᠡᠳ ᠦᠨ ᠲᠥᠪ》 ᠍ ᠢᠢᠨ ᠬᠠᠮᠲᠤ ᠣᠯᠠᠨ᠂ ᠦᠶ᠎ᠡ ᠦᠶ᠎ᠡ ᠢᠢᠨ ᠪᠠᠭᠰᠢ᠂ ᠠᠵᠢᠯᠴᠢᠨ᠂ ᠲᠡᠭᠦᠰᠦᠭᠴᠢᠳ᠂ ᠣᠳᠣ ᠬᠦᠮᠦᠵᠢᠵᠦ ᠪᠠᠢᠢᠭ᠎ᠠ ᠬᠡᠦᠬᠡᠳ᠂ ᠪᠠᠭᠠᠴᠤᠳ ᠲᠤ ᠲᠡᠦᠬᠡᠲᠦ 50 ᠵᠢᠯ ᠦᠨ ᠣᠢ ᠢᠢᠨ ᠪᠠᠶᠠᠷ ᠤᠨ ᠮᠡᠨᠳᠦ ᠬᠦᠷᠭᠡᠵᠦ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃
ᠲᠥᠷᠦ᠂ ᠵᠠᠰᠠᠭ ᠠᠴᠠ ᠬᠡᠦᠬᠡᠳ ᠬᠠᠮᠠᠭᠠᠯᠠᠯ᠂ ᠬᠥᠭ᠍ᠵᠢᠯ ᠦᠨ ᠴᠢᠭᠯᠡᠯ ᠢᠶᠡᠷ ᠲᠣᠳᠣᠷᠬᠠᠢ ᠪᠣᠳᠣᠯᠭ᠎ᠠ᠂ ᠰᠢᠢᠳᠪᠦᠷᠢ ᠭᠠᠷᠭᠠᠨ ᠬᠡᠷᠡᠭᠵᠢᠭᠦᠯᠵᠦ᠂ ᠡᠨᠡ ᠣᠨ ᠳᠤ ᠭᠡᠬᠦ ᠳᠥ ᠯᠠ ᠡᠨᠡ ᠰᠠᠯᠪᠤᠷᠢ ᠢᠢᠨ ᠰᠠᠩᠬᠦᠵᠢᠯᠲᠠ ᠢᠢ ᠡᠮᠦᠨᠡᠬᠢ ᠵᠢᠯ ᠦᠳ ᠡᠴᠡ 73 ᠬᠤᠪᠢ ᠪᠠᠷ ᠨᠡᠮᠡᠵᠦ᠂ 14 ᠣᠷᠴᠢᠮ ᠲᠡᠷᠪᠤᠮ ᠲᠥᠭᠦᠷᠢᠭ᠌ ᠪᠣᠯᠭᠠᠭᠰᠠᠨ ᠢ ᠲᠡᠮᠳᠡᠭᠯᠡᠪᠡ᠃
ᠣᠢᠢᠷ᠎ᠠ ᠢᠢᠨ 2-3 ᠵᠢᠯ ᠳᠥ ᠬᠥᠭ᠍ᠵᠢᠯ ᠦᠨ ᠪᠡᠷᠬᠡᠰᠢᠶᠡᠯ ᠲᠡᠢ ᠬᠡᠦᠬᠡᠳ ᠦᠨ ᠠᠰᠠᠷᠠᠮᠵᠢ ᠢᠢᠨ ᠲᠥᠪ ᠪᠠᠢᠢᠭᠤᠯᠬᠤ ᠰᠢᠢᠳᠪᠦᠷᠢ ᠭᠠᠷᠴᠤ᠂ ᠱᠠᠭᠠᠷᠳᠠᠭᠳᠠᠬᠤ ᠬᠥᠷᠥᠩ᠋ᠭᠡ ᠢᠢᠨ ᠲᠣᠳᠣᠷᠬᠠᠢ ᠬᠤᠪᠢ ᠢᠢ ᠢᠷᠡᠬᠦ ᠣᠨ ᠤ ᠲᠥᠰᠥᠪ ᠲᠥ ᠲᠤᠰᠬᠠᠬᠤ ᠪᠠᠷ ᠪᠣᠯᠤᠭᠰᠠᠨ ᠢ ᠬᠡᠯᠡᠯ᠎ᠡ᠃
ᠶᠡᠷᠦᠩᠬᠡᠢᠢᠯᠡᠭᠴᠢ ᠮᠥᠨ ᠲᠤᠰ ᠲᠥᠪ ᠲᠥ ᠨᠡᠩ ᠱᠠᠭᠠᠷᠳᠠᠯᠭ᠎ᠠ ᠲᠠᠢ ᠪᠠᠢᠢᠭᠰᠠᠨ ᠲᠣᠨᠣᠭ ᠲᠥᠬᠥᠭᠡᠷᠦᠮᠵᠢ᠂ ᠲᠠᠪᠢᠯᠭ᠋ ᠠ ᠢᠢ ᠲᠥᠪ ᠦᠨ ᠬᠠᠮᠲᠤ ᠣᠯᠠᠨ ᠳᠤ ᠬᠦᠯᠢᠶᠡᠯᠭᠡᠨ ᠥᠭ᠍ᠪᠡ᠃
1974 ᠣᠨ ᠤ 12 ᠳ᠋ᠤᠭᠠᠷ ᠰᠠᠷ᠎ᠠ ᠢᠢᠨ 27 ᠍ ᠤ ᠡᠳᠦᠷ ᠠᠰᠠᠷᠠᠮᠵᠢ ᠢᠢᠨ ᠰᠤᠷᠭᠠᠭᠤᠯᠢ ᠢᠢᠨ ᠳᠡᠷᠭᠡᠳᠡᠬᠢ ᠴᠡᠴᠡᠷᠯᠢᠭ ᠦᠨ ᠪᠦᠯᠦᠭ ᠢ 58 ᠳ᠋ᠤᠭᠠᠷ ᠴᠡᠴᠡᠷᠯᠢᠭ ᠲᠥ ᠨᠡᠢᠢᠯᠡᠭᠦᠯᠦᠭᠰᠡᠨ ᠨᠢ 《ᠥᠨᠢᠷ ᠪᠦᠯᠢ ᠬᠡᠦᠬᠡᠳ ᠦᠨ ᠲᠥᠪ》 ᠍ ᠢᠢᠨ ᠰᠠᠭᠤᠷᠢ ᠪᠣᠯᠤᠭᠰᠠᠨ ᠲᠡᠦᠬᠡ ᠲᠡᠢ᠃
ᠥᠩ᠋ᠭᠡᠷᠡᠭᠰᠡᠨ 50 ᠵᠢᠯ ᠦᠨ ᠬᠤᠭᠤᠴᠠᠭᠠᠨ ᠳᠤ ᠲᠤᠰ ᠲᠥᠪ ᠲᠥ 1500 ᠭᠠᠷᠤᠢ ᠬᠡᠦᠬᠡᠳ ᠥᠰᠴᠦ ᠲᠣᠷᠨᠢᠭᠰᠠᠨ ᠪᠥᠭᠡᠳ ᠣᠳᠣ 144 ᠬᠡᠦᠬᠡᠳ ᠠᠮᠢᠳᠤᠷᠠᠵᠤ ᠪᠠᠢᠢᠨ᠎ᠠ᠃
ᠲᠤᠰ ᠲᠥᠪ ᠬᠡᠦᠬᠡᠳ ᠦᠳ ᠦᠨ ᠠᠮᠢᠳᠤᠷᠠᠬᠤ ᠥᠷᠦᠭᠡᠨ ᠡᠴᠡ ᠭᠠᠳᠠᠨ᠎ᠠ ᠨᠣᠮ ᠤᠨ ᠰᠠᠩ᠂ ᠡᠮᠨᠡᠯᠭᠡ᠂ ᠰᠡᠳᠬᠢᠯ ᠵᠦᠢ᠂ ᠻᠣᠮᠫᠢᠶᠦ᠋ᠲ᠋ᠧᠷ᠂ ᠭᠠᠷ ᠤᠷᠠᠯᠠᠯ᠂ ᠵᠢᠷᠤᠭ᠂ ᠰᠫᠣᠷᠲ ᠤᠨ ᠳᠤᠭᠤᠢᠢᠯᠠᠩ ᠵᠡᠷᠭᠡ ᠬᠡᠦᠬᠡᠳ ᠪᠠᠭᠠᠴᠤᠳ ᠤᠨ ᠬᠦᠭ᠍ᠵᠢᠬᠦ᠂ ᠠᠮᠠᠷᠠᠬᠤ᠂ ᠴᠢᠯᠦᠭᠡᠲᠦ ᠴᠠᠭ ᠢᠶᠠᠨ ᠥᠩ᠋ᠭᠡᠷᠡᠭᠦᠯᠬᠦ ᠣᠷᠴᠢᠨ᠂ ᠨᠥᠬᠥᠴᠡᠯ ᠪᠦᠷᠢᠳᠦᠭᠦᠯᠦᠭᠰᠡᠨ ᠲᠤᠬᠠᠢ ᠵᠠᠬᠢᠷᠤᠯ ᠮ᠊᠂ ᠥᠯᠵᠡᠢᠢᠴᠢᠮᠡᠭ ᠲᠠᠨᠢᠯᠴᠠᠭᠤᠯᠤᠯ᠎ᠠ᠃
ᠠᠰᠠᠷᠠᠮᠵᠢ᠂ ᠬᠠᠯᠠᠮᠵᠢ ᠢᠢᠨ ᠲᠥᠪ ᠲᠥ ᠠᠮᠢᠳᠤᠷᠠᠵᠤ ᠪᠠᠢᠢᠭ᠎ᠠ ᠬᠠᠭᠠᠰ ᠪᠣᠯᠤᠨ ᠪᠦᠲᠦᠨ ᠥᠨᠥᠴᠢᠨ ᠬᠡᠦᠬᠡᠳ ᠦᠳ ᠢ ᠨᠡᠢᠢᠭᠡᠮ ᠤᠨ ᠬᠠᠯᠠᠮᠵᠢ ᠢᠢᠨ ᠲᠡᠳᠬᠦᠪᠦᠷᠢ᠂ ᠲᠡᠳᠬᠦᠮᠵᠢ ᠳᠥ ᠬᠠᠮᠤᠷᠤᠭᠤᠯᠬᠤ᠂ ᠬᠣᠭᠣᠯᠠ ᠬᠦᠨᠡᠰᠦᠨ ᠦ ᠨᠣᠷᠮ᠎ᠠ᠂ ᠨᠣᠷᠮᠠᠲ᠋ᠢᠸ ᠢ ᠨᠡᠮᠡᠬᠦ ᠵᠡᠷᠭᠡ ᠳᠥ ᠠᠩᠬᠠᠷᠬᠤ ᠢᠢ ᠬᠦᠰᠡᠪᠡ᠃
ᠴᠢᠨᠠᠭᠰᠢᠳᠠ ᠬᠡᠦᠬᠡᠳ ᠦᠳ ᠢ ᠠᠰᠠᠷᠠᠮᠵᠢ᠂ ᠬᠠᠯᠠᠮᠵᠢ ᠢᠢᠨ ᠲᠥᠪ ᠲᠥ ᠪᠤᠰᠤ᠂ ᠠᠯᠢ ᠪᠣᠯᠬᠤ ᠡᠴᠢᠭᠡ᠂ ᠡᠬᠡ ᠲᠡᠢ ᠪᠡᠨ ᠬᠠᠮᠲᠤ ᠠᠮᠢᠳᠤᠷᠠᠳᠠᠭ ᠪᠠᠢᠢᠬᠤ ᠬᠠᠤᠯᠢ᠂ ᠡᠷᠬᠡ ᠵᠦᠢ ᠢᠢᠨ ᠪᠣᠯᠤᠨ ᠪᠤᠰᠤᠳ ᠣᠷᠴᠢᠨ᠂ ᠨᠥᠬᠥᠴᠡᠯ ᠪᠦᠷᠢᠳᠦᠭᠦᠯᠬᠦ ᠢᠢ ᠵᠣᠷᠢᠵᠤ ᠪᠠᠢᠢᠭ᠎ᠠ ᠢᠢ ᠬᠥᠳᠡᠯᠮᠦᠷᠢ᠂ ᠨᠡᠢᠢᠭᠡᠮ ᠤᠨ ᠬᠠᠮᠠᠭᠠᠯᠠᠯ ᠤᠨ ᠰᠠᠢᠢᠳ ᠬᠥ᠊᠂ ᠪᠤᠯᠠᠭᠠᠨᠲᠤᠶᠠᠭ᠎ᠠ ᠬᠡᠯᠡᠯ᠎ᠡ᠃
ᠢᠷᠡᠬᠦ ᠣᠨ ᠠᠴᠠ ᠰᠤᠮᠤ᠂ ᠬᠣᠷᠢᠶ᠎ᠠ ᠪᠦᠷᠢ ᠳᠥ ᠬᠡᠦᠬᠡᠳ᠂ ᠭᠡᠷ ᠪᠦᠯᠢ ᠢᠢᠨ ᠨᠡᠢᠢᠭᠡᠮ ᠤᠨ ᠠᠵᠢᠯᠲᠠᠨ ᠠᠵᠢᠯᠯᠠᠭᠤᠯᠤᠨ᠂ ᠬᠡᠦᠬᠡᠳ ᠪᠦᠷᠢ ᠳᠥ ᠬᠠᠮᠠᠭᠠᠯᠠᠬᠤ᠂ ᠨᠥᠬᠥᠨ ᠰᠡᠷᠭᠦᠭᠡᠬᠦ ᠦᠢᠯᠡᠴᠢᠯᠡᠭᠡ ᠢᠢ ᠪᠦᠷᠢᠨ ᠬᠦᠷᠭᠡᠬᠦ ᠢᠢᠨ ᠵᠡᠷᠭᠡᠴᠡᠭᠡ ᠬᠡᠦᠬᠡᠳ ᠬᠠᠮᠠᠭᠠᠯᠠᠯ ᠤᠨ ᠦᠢᠯᠡᠴᠢᠯᠡᠭᠡᠨ ᠦ ᠰᠠᠩᠬᠦᠵᠢᠯᠲᠡ ᠢᠢᠨ ᠡᠬᠢ ᠡᠭᠦᠰᠭᠡᠪᠦᠷᠢ ᠲᠣᠳᠣᠷᠬᠠᠢ ᠪᠣᠯᠤᠭᠰᠠᠨ ᠢ ᠲᠣᠳᠣᠳᠬᠠᠯ ᠠ᠃
ᠬᠡᠦᠬᠡᠳ ᠬᠠᠮᠠᠭᠠᠯᠠᠯ ᠤᠨ ᠲᠤᠬᠠᠢ ᠬᠠᠤᠯᠢ 2024.09.01 ᠍ ᠦ ᠡᠳᠦᠷ ᠡᠴᠡ ᠬᠡᠷᠡᠭᠵᠢᠵᠦ ᠡᠬᠢᠯᠡᠬᠦ ᠪᠥᠭᠡᠳ ᠭᠡᠷ ᠪᠦᠯᠢ ᠢᠢᠨ ᠲᠤᠬᠠᠢ ᠬᠠᠤᠯᠢ ᠢᠢᠨ ᠰᠢᠨᠡᠴᠢᠯᠡᠭᠰᠡᠨ ᠨᠠᠢᠢᠷᠠᠭᠤᠯᠭ᠎ᠠ ᠢᠢ ᠤᠯᠤᠰ ᠤᠨ ᠶᠡᠬᠡ ᠬᠤᠷᠠᠯ ᠬᠡᠯᠡᠯᠴᠡᠵᠦ ᠪᠠᠢᠢᠨ᠎ᠠ᠃
ᠵᠠᠰᠠᠭ ᠤᠨ ᠭᠠᠵᠠᠷ ᠤᠨ 2024 ᠣᠨ ᠤ 121 ᠳ᠋ᠤᠭᠡᠷ ᠲᠣᠭᠲᠠᠭᠠᠯ ᠢᠶᠠᠷ 《ᠬᠡᠦᠬᠡᠳ ᠦᠨ ᠮᠥᠩ᠋ᠭᠥᠨ ᠲᠡᠳᠬᠦᠮᠵᠢ ᠣᠯᠭᠣᠬᠤ ᠵᠢᠷᠤᠮ》 ᠍ ᠳᠤ ᠥᠭᠡᠷᠡᠴᠢᠯᠡᠯᠲᠡ ᠣᠷᠣᠭᠤᠯᠤᠭᠰᠠᠨ᠃
ᠡᠨᠡ ᠳᠠᠭᠠᠭᠤ ᠲᠥᠷᠦᠯᠵᠢᠭᠰᠡᠨ ᠠᠰᠠᠷᠠᠮᠵᠢ ᠢᠢᠨ ᠭᠠᠵᠠᠷ ᠲᠤ ᠠᠮᠢᠳᠤᠷᠠᠵᠤ ᠪᠠᠢᠢᠭ᠎ᠠ ᠬᠡᠦᠬᠡᠳ ᠪᠦᠷᠢ ᠳᠠᠩᠰᠠ ᠲᠠᠢ ᠪᠣᠯᠤᠭᠰᠠᠨ ᠪᠥᠭᠡᠳ 14 ᠪᠠ ᠲᠡᠭᠦᠨ ᠡᠴᠡ ᠳᠡᠭᠡᠭ᠍ᠰᠢ ᠨᠠᠰᠤᠨ ᠤ ᠬᠡᠦᠬᠡᠳ ᠦᠳ ᠮᠥᠩ᠋ᠭᠥᠨ ᠦ ᠪᠡᠨ 80 ᠬᠤᠪᠢ ᠢᠢ ᠪᠠᠩᠻᠢᠨ ᠳᠤ ᠬᠠᠳᠠᠭᠠᠯᠠᠭᠤᠯᠵᠤ᠂ 20 ᠬᠤᠪᠢ ᠢᠢ ᠥᠪᠡᠷ ᠢᠶᠡᠨ ᠵᠠᠬᠢᠷᠤᠨ ᠵᠠᠷᠤᠴᠠᠭᠤᠯᠵᠤ ᠪᠠᠢᠢᠨ᠎ᠠ᠃ ᠬᠡᠦᠬᠡᠳ ᠢ 16 ᠨᠠᠰᠤ ᠬᠦᠷᠡᠭᠰᠡᠨ ᠦ ᠬᠢ ᠨᠢ ᠳᠠᠷᠠᠭ᠎ᠠ ᠬᠠᠳᠠᠭᠠᠯᠠᠮᠵᠢ ᠢᠢᠨ ᠳᠡᠪᠲᠡᠷ ᠢ ᠨᠢ ᠥᠪᠡᠷ ᠲᠥ ᠨᠢ ᠥᠭᠴᠦ ᠪᠠᠢᠢᠬᠤ ᠶᠤᠮ᠃
ᠤᠯᠤᠰ ᠤᠨ ᠬᠡᠮᠵᠢᠶᠡᠨ ᠳᠥ 29 ᠲᠥᠪ ᠲᠥ 900 ᠭᠠᠷᠤᠢ ᠬᠡᠦᠬᠡᠳ ᠠᠮᠢᠳᠤᠷᠠᠵᠤ ᠪᠠᠢᠢᠨ᠎ᠠ᠃ ᠡᠳᠡᠭᠡᠷ ᠲᠥᠪ ᠦᠨ ᠭᠤᠷᠪᠠ ᠨᠢ ᠤᠯᠤᠰ ᠤᠨ ᠲᠥᠰᠥᠪ ᠦᠨ᠂ 26 ᠨᠢ ᠣᠯᠠᠨ ᠤᠯᠤᠰ ᠤᠨ ᠪᠣᠯᠤᠨ ᠲᠥᠷᠥ ᠢᠢᠨ ᠪᠤᠰᠤ ᠪᠠᠢᠢᠭᠤᠯᠤᠯᠭ᠎ᠠ᠂ ᠬᠤᠪᠢ ᠢᠷᠭᠡᠨ ᠦ ᠰᠠᠩᠬᠦᠵᠢᠯᠲᠡ ᠪᠡᠷ ᠦᠢᠯᠡ ᠠᠵᠢᠯᠯᠠᠭ᠎ᠠ ᠶᠠᠪᠤᠭᠤᠯᠳᠠᠭ ᠶᠤᠮ᠃