Та "Internet explorer"-ийн сүүлийн хувилбар болох "Microsoft edge"-г ашиглана уу

Хэрэв "Microsoft edge"-г татах бол энд дарж татаж авна уу

ᠭᠧᠷᠮᠠᠨ ᠢ ᠵᠣᠷᠢᠭᠰᠠᠨ ᠠᠩᠬᠠᠨ ᠤ ᠰᠤᠷᠤᠯᠴᠠᠭᠴᠢᠳ ᠤᠨ ᠬᠤᠪᠢ ᠢᠢᠨ ᠭᠠᠷᠤᠯ ᠲᠠᠢ ᠪᠠᠷᠢᠮᠲᠠ ᠢᠢ ᠦᠨᠳᠦᠰᠦᠨ ᠦ ᠲᠥᠪ ᠠᠷᠬᠢᠸ ᠤᠨ ᠰᠠᠩ ᠬᠥᠮᠥᠷᠭᠡ ᠳᠥ ᠬᠦᠯᠢᠶᠡᠯᠭᠡᠨ ᠥᠭ᠍ᠬᠥᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠤᠷᠢᠯᠭ᠎ᠠ ᠪᠠᠷ ᠬᠣᠯᠪᠣᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ /ᠬᠣ‍᠂ ᠪᠦ‍᠂ ᠨᠠᠢᠢ‍᠂ ᠭᠧ‍᠂ ᠤ‍᠂/ ᠍ ᠤᠨ ᠶᠡᠷᠦᠩᠬᠡᠢᠢᠯᠡᠭᠴᠢ ᠹᠷᠠᠨ᠋ᠻ-ᠸᠠᠯᠲ᠋ᠸᠷ ᠰᠲ᠋ᠸᠢᠢᠨ᠋ᠮᠸᠶᠸᠷ (Frank-Walter Steinmeier) 2024 ᠣᠨ ᠤ 02 ᠳ᠋ᠤᠭᠠᠷ ᠰᠠᠷ᠎ᠠ ᠢᠢᠨ 07-08 ᠍ ᠤ ᠡᠳᠦᠷ ᠦᠳ ᠲᠥ ᠮᠣᠩ᠋ᠭᠣᠯ ᠤᠯᠤᠰ ᠲᠤ ᠲᠥᠷᠥ ᠢᠢᠨ ᠠᠢᠢᠯᠴᠢᠯᠠᠯ ᠬᠢᠭ᠍ᠰᠡᠨ ᠪᠢᠯᠡ᠃

ᠮᠣᠩ᠋ᠭᠣᠯ ᠤᠯᠤᠰ᠂ ᠬᠣ‍᠂ ᠪᠦ‍᠂ ᠨᠠᠢᠢ‍᠂ ᠭᠧ‍᠂ ᠤᠯᠤᠰ ᠢᠢᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠢᠢ ᠲᠣᠬᠢᠶᠠᠯᠳᠤᠭᠤᠯᠤᠨ ᠬᠡᠷᠡᠭᠵᠢᠭᠦᠯᠦᠭᠰᠡᠨ ᠲᠤᠰ ᠠᠢᠢᠯᠴᠢᠯᠠᠯ ᠤᠨ ᠦᠶ᠎ᠡ ᠪᠡᠷ ᠶᠡᠷᠦᠩᠬᠡᠢᠢᠯᠡᠭᠴᠢ ᠹ᠊∙ ᠸᠠ᠊᠂ ᠰᠲ᠋ᠸᠢᠢᠨ᠋ᠮᠸᠶᠸᠷ  ᠲᠤᠰ ᠤᠯᠤᠰ ᠲᠤ ᠮᠣᠩ᠋ᠭᠣᠯ ᠤᠯᠤᠰ ᠠᠴᠠ ᠰᠤᠷᠤᠯᠴᠠᠭᠰᠠᠨ ᠠᠩᠬᠠᠨ ᠤ ᠣᠶᠤᠲᠠᠨ ᠨᠤᠭᠤᠳ ᠤᠨ ᠬᠤᠪᠢ ᠢᠢᠨ ᠭᠠᠷᠤᠯ ᠲᠠᠢ ᠪᠠᠷᠢᠮᠲᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠪᠡᠯᠡᠭᠯᠡᠭᠰᠡᠨ ᠶᠤᠮ᠃

ᠨᠡᠢᠢᠲᠡ 125 ᠬᠠᠭᠤᠳᠠᠰᠤ ᠪᠦᠬᠦᠢ ᠡᠳᠡᠭᠡᠷ ᠪᠠᠷᠢᠮᠲᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠭᠠᠳᠠᠭᠠᠳᠤ ᠪᠣᠳᠣᠯᠭ᠎ᠠ ᠢᠢᠨ ᠵᠥᠪᠯᠡᠬᠦ ᠡ᠊ ∙ ᠣᠳᠤᠪᠠᠶᠠᠷ᠂ ᠪᠣᠯᠪᠠᠰᠤᠷᠠᠯ᠂ ᠰᠢᠨᠵᠢᠯᠡᠬᠦ ᠤᠬᠠᠭᠠᠨ᠂ ᠢᠨ᠋᠊ᠨᠣᠸᠠᠼ ᠤᠨ ᠪᠣᠳᠣᠯᠭ᠎ᠠ ᠢᠢᠨ ᠵᠥᠪᠯᠡᠬᠦ ᠴ‍ ∙ ᠯᠣᠳᠤᠢᠢᠷᠠᠪᠰᠠᠯ᠂ ᠬᠠᠤᠯᠢ ᠵᠦᠢ ᠢᠢᠨ ᠪᠣᠳᠣᠯᠭ᠎ᠠ ᠢᠢᠨ ᠵᠥᠪᠯᠡᠬᠦ ᠷ ∙ ᠪᠠᠲᠤᠷᠠᠭᠴᠠ ᠨᠠᠷ ᠦᠨᠳᠦᠰᠦᠨ ᠦ ᠲᠥᠪ ᠠᠷᠬᠢᠸ ᠤᠨ ᠰᠠᠩ ᠬᠥᠮᠥᠷᠭᠡ ᠳᠥ ᠬᠦᠯᠢᠶᠡᠯᠭᠡᠨ ᠥᠭ᠍ᠬᠥᠯ ᠡ ᠃

ᠠᠷᠠᠳ ᠤᠨ ᠵᠠᠰᠠᠭ ᠤᠨ ᠭᠠᠵᠠᠷ ᠤᠨ 1925 ᠣᠨ ᠤ 11 ᠳ᠋ᠤᠭᠡᠷ ᠰᠠᠷ᠎ᠠ ᠢᠢᠨ 27 ᠍ ᠤ ᠡᠳᠦᠷ ᠦᠨ ᠬᠤᠷᠠᠯᠳᠤᠭᠠᠨ ᠤ ᠰᠢᠢᠳᠪᠦᠷᠢ ᠪᠡᠷ ᠮᠣᠩ᠋ᠭᠣᠯ ᠵᠠᠯᠠᠭᠤᠰ ᠭᠧᠷᠮᠠᠨ᠂ ᠹᠷᠠᠨ᠋ᠼᠠ ᠤᠯᠤᠰ ᠲᠤ ᠰᠤᠷᠤᠯᠴᠠᠵᠤ ᠡᠬᠢᠯᠡᠭᠰᠡᠨ ᠶᠤᠮ᠃ ᠭᠧᠷᠮᠠᠨ ᠢ ᠵᠣᠷᠢᠭᠰᠠᠨ ᠠᠩᠬᠠᠨ ᠤ ᠰᠤᠷᠤᠯᠴᠠᠭᠴᠢ ᠳᠤ ᠬᠣᠶᠠᠷ ᠣᠷᠣᠨ ᠤ ᠢᠷᠭᠡᠳ ᠬᠣᠭᠣᠷᠣᠨᠳᠣ ᠢᠢᠨ ᠬᠠᠷᠢᠯᠴᠠᠭ᠎ᠠ᠂ ᠪᠣᠯᠪᠠᠰᠤᠷᠠᠯ ᠤᠨ ᠰᠣᠯᠢᠯᠴᠠᠭᠠᠨ ᠤ ᠡᠬᠢᠯᠡᠯ ᠢ ᠲᠠᠯᠪᠢᠭᠰᠠᠨ ᠪᠥᠭᠡᠳ ᠭᠧᠷᠮᠠᠨ ᠤ ᠲᠠᠯ᠎ᠠ ᠠᠴᠠ ᠬᠦᠯᠢᠶᠡᠯᠭᠡᠨ ᠥᠭ᠍ᠭᠦᠭ᠍ᠰᠡᠨ ᠪᠠᠷᠢᠮᠲᠠ ᠳᠤ ᠡᠳᠡᠭᠡᠷ ᠰᠤᠷᠤᠯᠴᠠᠭᠴᠢᠳ ᠤᠨ ᠸᠢᠰᠠ ᠢᠢᠨ ᠠᠨ᠋ᠻᠧᠲ᠂ ᠰᠤᠷᠤᠯᠴᠠᠵᠤ ᠡᠬᠢᠯᠡᠭᠰᠡᠨ ᠴᠠᠭ ᠦᠶ᠎ᠡ ᠢᠢᠨ ᠬᠢᠴᠢᠶᠡᠯ ᠦᠨ ᠶᠠᠪᠤᠴᠠ᠂ ᠠᠬᠤᠢ ᠢᠢᠨ ᠪᠠᠢᠢᠳᠠᠯ ᠤᠨ ᠲᠠᠯᠠᠭᠠᠷᠬᠢ ᠨᠣᠲ᠋᠋ ᠪᠢᠴᠢᠭ᠌ ᠭᠡᠬᠦ ᠮᠡᠲᠦ ᠮᠡᠳᠡᠭᠡᠯᠡᠯ ᠪᠠᠭᠲᠠᠵᠠᠢ᠃

ᠲᠤᠬᠠᠢᠢᠯᠠᠪᠠᠯ᠂ ᠠᠩᠬᠠᠨ ᠤ 35 ᠰᠤᠷᠤᠯᠴᠠᠭᠴᠢ ᠣᠷᠣᠰ ᠳ᠋ᠠᠬᠢ ᠡᠯᠴᠢᠨ ᠰᠠᠢᠢᠳ ᠤᠨ ᠶᠠᠮᠤ ᠪᠠᠷ ᠳᠠᠮᠵᠢᠭᠤᠯᠤᠨ ᠸᠢᠰᠠ ᠠᠪᠴᠤ᠂ ᠤᠰᠤᠨ ᠣᠩᠭ᠋ᠣᠴᠠ ᠪᠠᠷ ᠭᠧᠷᠮᠠᠨ ᠢ ᠵᠣᠷᠢᠭᠰᠠᠨ ᠲᠤᠬᠠᠢ ᠪᠠᠷᠢᠮᠲᠠ ᠢᠢ ᠬᠣ‍᠂ ᠪᠦ‍᠂ ᠨᠠᠢᠢ‍᠂ ᠭᠧ‍᠂ ᠤᠯᠤᠰ ᠤᠨ ᠭᠠᠳᠠᠭᠠᠳᠤ ᠬᠡᠷᠡᠭ ᠦᠨ ᠶᠠᠮᠤᠨ ᠤ ᠤᠯᠤᠰ ᠲᠥᠷᠦ ᠢᠢᠨ ᠠᠷᠬᠢᠸ ᠠᠴᠠ ᠬᠠᠭᠤᠯᠪᠤᠷᠢᠯᠠᠨ ᠠᠪᠴᠢᠷᠠᠭᠰᠠᠨ ᠪᠠᠢᠢᠨ᠎ᠠ᠃

《ᠮᠠᠨ ᠤ ᠠᠷᠬᠢᠸ ᠤᠨ ᠮᠠᠲ᠋ᠧᠷᠢᠶᠠᠯ ᠪᠠᠶᠠᠵᠢᠵᠤ᠂ ᠬᠣᠶᠠᠷ ᠣᠷᠣᠨ ᠤ ᠬᠠᠷᠢᠯᠴᠠᠭᠠᠨ ᠤ ᠲᠡᠦᠬᠡᠨ ᠳᠥ ᠰᠤᠳᠤᠯᠬᠤ ᠰᠤᠳᠤᠯᠤᠭᠳᠠᠬᠤᠨ ᠨᠡᠮᠡᠭᠳᠡᠵᠦ ᠪᠠᠢᠢᠨ᠎ᠠ᠃ ᠮᠣᠩ᠋ᠭᠣᠯ᠂ ᠭᠧᠷᠮᠠᠨ ᠤ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠡᠨᠡ ᠣᠨ ᠳᠤ ᠲᠣᠬᠢᠶᠠᠵᠤ ᠪᠠᠢᠢᠭ᠎ᠠ ᠬᠡᠳᠦᠢ ᠴᠤ ᠬᠠᠷᠢᠯᠴᠠᠭᠠᠨ ᠤ ᠲᠡᠦᠬᠡ 50 ᠵᠢᠯ ᠢᠶᠡᠷ ᠬᠢᠵᠠᠭᠠᠷᠯᠠᠭᠳᠠᠬᠤ ᠦᠭᠡᠢ ᠢᠢ ᠨᠣᠲᠠᠯᠠᠭᠰᠠᠨ ᠪᠠᠷᠢᠮᠲᠠ ᠪᠢᠴᠢᠭ᠌ ᠦᠳ ᠭᠡᠳᠡᠭ ᠢᠶᠡᠷ ᠢᠶᠡᠨ ᠣᠨᠴᠠᠯᠢᠭ ᠲᠠᠢ》 ᠬᠡᠮᠡᠨ ᠶᠡᠷᠦᠩᠬᠡᠢᠢᠯᠡᠭᠴᠢ ᠢᠢᠨ ᠭᠠᠳᠠᠭᠠᠳᠤ ᠪᠣᠳᠣᠯᠭ᠎ᠠ ᠢᠢᠨ ᠵᠥᠪᠯᠡᠬᠦ ᠡ᠊ ∙ ᠣᠳᠤᠪᠠᠶᠠᠷ ᠲᠣᠳᠣᠳᠬᠠᠯ᠎ᠠ᠃