ᠮᠤᠩᠭ᠋ᠤᠯ ᠤᠯᠤᠰ ᠲᠤ ᠠᠯᠪᠠᠨ ᠶᠤᠰᠤᠨ ᠤ ᠠᠢᠢᠯᠴᠢᠯᠠᠯ ᠬᠢᠵᠥ ᠪᠤᠢ ᠪᠥᠭᠥᠳᠠ ᠨᠠᠢᠢᠷᠠᠮᠳᠠᠬᠤ ᠬᠢᠷᠬᠢᠰ ᠤᠯᠤᠰ ᠤᠨ ᠫᠠᠷᠯᠠᠮᠸᠨ᠋ᠲ᠋ ᠿᠤᠭᠤᠷᠻᠥ᠋ ᠻᠸᠨ᠋ᠸᠱᠢ ᠢᠢᠨ ᠳᠠᠷᠤᠭ᠋ ᠠ ᠨᠥ᠋ᠷᠯᠠᠨ᠋ᠪᠸᠻ ᠱᠠᠻᠢᠶᠸᠪ ᠶᠡᠷᠥᠩᠬᠡᠢᠢᠯᠡᠭᠴᠢ ᠤ᠂ ᠬᠥᠷᠡᠯᠰᠥ᠋ᠬᠡ ᠳᠥ ᠪᠠᠷᠠᠭᠠᠯᠬᠠᠪᠠ᠃
ᠶᠡᠷᠥᠩᠬᠡᠢᠢᠯᠡᠭᠴᠢ ᠤᠬᠤᠨ᠌ ᠠ ᠢᠢᠨ ᠬᠥᠷᠡᠯᠰᠥ᠋ᠬᠡ ᠳᠡᠥᠬᠡ᠂ ᠤᠶᠤᠨ ᠰᠠᠨᠠᠭ᠋ ᠠ᠂ ᠥᠪ ᠰᠤᠶᠤᠯ᠂ ᠤᠯᠠᠮᠵᠢᠯᠠᠯ ᠤᠨ ᠬᠡᠯᠬᠢᠢ ᠡ ᠬᠤᠯᠪᠤᠭᠠᠲᠠᠢ ᠬᠢᠷᠬᠢᠰ ᠤᠯᠤᠰ ᠲᠠᠢ ᠨᠠᠢᠢᠷᠰᠠᠭ ᠬᠠᠷᠢᠯᠴᠠᠭ᠋ ᠠ᠂ ᠬᠠᠮᠲᠤ ᠢᠢᠨ ᠠᠵᠢᠯᠯᠠᠭ᠋ ᠠ ᠢᠢ ᠥᠷᠭᠡᠵᠢᠭᠥᠯᠥᠨ ᠬᠥᠭ᠍ᠵᠢᠭᠥᠯᠬᠥ᠂ ᠡᠳ᠋ ᠥᠨ ᠵᠠᠰᠠᠭ ᠤᠨ ᠠᠭᠤᠯᠭ᠋ ᠠ ᠪᠠᠷ ᠪᠠᠶᠠᠵᠢᠭᠤᠯᠬᠤ᠂ ᠤᠯᠤᠰ ᠲᠥᠷᠥ ᠢᠢᠨ ᠶᠠᠷᠢᠢ ᠠ ᠬᠡᠯᠡᠯᠴᠡᠭᠡ ᠢᠢ ᠪᠠᠲᠤᠳᠬᠠᠨ ᠪᠡᠬᠢᠵᠢᠭᠥᠯᠬᠥ᠂ ᠢᠷᠭᠡᠳ ᠥᠨ ᠰᠤᠯᠢᠯᠴᠠᠭ᠋ ᠠ ᠢᠢ ᠡᠷᠴᠢᠮᠵᠢᠭᠥᠯᠬᠥ᠂ ᠬᠠᠷᠢᠯᠴᠠᠭᠠᠨ ᠤ ᠪᠡᠯᠭᠡ ᠳᠡᠮᠳᠡᠭ ᠪᠤᠯᠬᠤ ᠲᠤᠮᠤᠬᠠᠨ ᠲᠥᠰᠥᠯ᠂ ᠬᠥᠲᠡᠯᠪᠥᠷᠢ ᠬᠡᠷᠡᠭᠵᠢᠭᠥᠯᠬᠥ ᠢᠢᠨ ᠲᠥᠯᠥᠭᠡ ᠪᠤᠢ ᠪᠠᠨ ᠲᠡᠮᠳᠡᠭᠯᠡᠪᠡ᠃
ᠬᠤᠶᠠᠷ ᠤᠯᠤᠰ ᠤᠨ ᠲᠥᠷᠥ ᠢᠢᠨ ᠲᠡᠷᠢᠭᠥᠨ ᠥ ᠬᠠᠷᠢᠯᠴᠠᠨ ᠲᠤᠬᠢᠷᠠᠯᠴᠠᠭᠰᠠᠨ ᠠᠰᠠᠭᠤᠳᠠᠯ ᠤᠳ᠂ ᠲᠤᠬᠠᠢᠢᠯᠠᠪᠠᠯ 《ᠲᠡᠷᠪᠤᠮ ᠮᠤᠳᠤ》 ᠥᠨᠳᠥᠰᠥᠨ ᠥ ᠬᠥᠳᠡᠯᠭᠡᠭᠡᠨ ᠢ ᠬᠢᠷᠬᠢᠰ ᠤᠯᠤᠰ ᠤᠨ 《ᠨᠤᠭᠤᠭᠠᠨ ᠥᠪ》ᠰᠠᠨᠠᠭᠠᠴᠢᠯᠠᠭ᠋ ᠠ ᠲᠠᠢ ᠤᠶᠠᠯᠳᠤᠭᠤᠯᠤᠨ ᠬᠢᠷᠬᠢᠰ ᠥᠨ ᠵᠢᠮᠢᠰ᠂ ᠵᠢᠮᠢᠰᠭ᠍ᠠᠨ᠌ ᠡ ᠢᠢᠨ ᠮᠤᠳᠤᠨ ᠤ ᠰᠠᠭᠤᠯᠭᠠᠴᠠ ᠢᠢ ᠮᠤᠩᠭ᠋ᠤᠯ ᠤᠯᠤᠰ ᠲᠤ ᠨᠤᠲᠤᠭᠰᠢᠭᠤᠯᠬᠤ᠂ ᠡᠷᠳᠡᠨᠢᠲᠥ ᠬᠤᠳᠠ ᠳᠤ 《ᠮᠤᠩᠭ᠋ᠤᠯ᠂ ᠬᠢᠷᠬᠢᠰ ᠥᠨ ᠨᠠᠢᠢᠷᠠᠮᠳᠠᠯ ᠤᠨ ᠲᠥᠭᠡᠯ 》ᠴᠡᠴᠡᠷᠯᠢᠭ ᠲᠥ ᠬᠥᠷᠢᠶᠡᠯᠡᠩ ᠪᠠᠢᠢᠭᠤᠯᠬᠤ ᠠᠵᠢᠯ ᠤᠷᠤᠭᠰᠢᠯᠠᠵᠤ ᠪᠤᠢ ᠢᠢ ᠰᠠᠢᠢᠰᠢᠶᠠᠪᠠ᠃
ᠿᠤᠭᠤᠷᠻᠥ᠋ ᠻᠸᠨ᠋ᠸᠱᠢ ᠢᠢᠨ ᠳᠠᠷᠤᠭ᠋ ᠠ ᠨᠥ᠋᠂ ᠱᠠᠻᠢᠶᠸᠪ ᠬᠤᠳᠠᠯᠳᠤᠭ᠋ ᠠ ᠢᠢᠨ ᠡᠷᠭᠢᠯᠲᠡ ᠢᠢ ᠨᠡᠮᠡᠭᠳᠡᠭᠥᠯᠬᠥ᠂ ᠬᠢᠷᠬᠢᠰ ᠤᠯᠤᠰ ᠠᠴᠠ ᠬᠥᠨᠡᠰᠥ᠂ ᠬᠥᠳᠡᠭᠡ ᠠᠵᠤ ᠠᠬᠤᠢ ᠢᠢᠨ ᠪᠥᠲᠥᠭᠡᠭ᠍ᠳᠡᠬᠥᠨ ᠨᠡᠢᠢᠯᠡᠭᠥᠯᠬᠥ ᠰᠤᠨᠢᠷᠭᠠᠯ ᠢᠢᠠᠨ ᠢᠯᠡᠷᠭᠡᠢᠢᠯᠡᠵᠥ᠂ ᠤᠶᠤᠲᠠᠨ ᠵᠠᠯᠠᠭᠤᠰ ᠢ ᠬᠠᠷᠢᠯᠴᠠᠨ ᠰᠤᠷᠭᠠᠬᠤ᠂ ᠰᠤᠶᠤᠯ ᠤᠨ ᠡᠳᠥᠷᠯᠢᠭ ᠬᠠᠮᠲᠥᠷᠠᠨ ᠵᠤᠬᠢᠶᠠᠨ ᠪᠠᠢᠢᠭ᠋᠋ᠤᠯᠬᠤ ᠰᠠᠨᠠᠯ ᠳᠡᠪᠰᠢᠭᠥᠯᠪᠡ᠃
ᠲᠠᠯ ᠠ ᠨᠤᠭᠤᠳ ᠳᠠᠯᠠᠢ ᠳᠤ ᠭᠠᠷᠴᠠ ᠥᠭᠡᠢ᠂ ᠬᠥᠭ᠍ᠵᠢᠵᠤ ᠪᠤᠢ ᠤᠷᠤᠨ ᠨᠤᠭᠤᠠ ᠤᠨ ᠬᠤᠪᠢ ᠳᠤ ᠬᠥᠭ᠍ᠵᠢᠯ ᠥᠨ ᠲᠤᠷᠰᠢᠯᠭ᠋ ᠠ ᠪᠠᠨ ᠬᠠᠷᠢᠯᠴᠠᠨ ᠬᠤᠪᠢᠶᠠᠯᠴᠠᠵᠤ᠂ ᠠᠶᠠᠯᠠᠯ ᠵᠢᠭᠤᠴᠢᠯᠠᠯ᠂ ᠬᠥᠳᠡᠭᠡ ᠠᠵᠤ ᠠᠬᠤᠢ᠂ ᠬᠥᠩᠭᠡᠨ ᠥᠢᠯᠡᠳᠪᠥᠷᠢ᠂ ᠲᠡᠭᠡᠭᠡᠪᠥᠷᠢ᠂ ᠯᠤᠵᠢᠰᠲ᠋ᠢᠻ᠂ ᠠᠭᠤᠯᠠ ᠠᠭᠤᠷᠬᠠᠢ ᠵᠡᠷᠭᠡ ᠰᠠᠯᠪᠤᠷᠢ ᠳᠤ ᠬᠠᠮᠲᠤ ᠢᠢᠨ ᠠᠵᠢᠯᠯᠠᠭ᠋ ᠠ ᠢᠢ ᠭᠥᠨᠵᠡᠭᠡᠢᠢᠷᠡᠭᠥᠯᠥᠨ ᠬᠥᠭ᠍ᠵᠢᠭᠥᠯᠬᠥ ᠨᠢ ᠵᠥᠢᠲᠡᠢ ᠭᠡᠳᠡᠭ ᠲᠥ ᠰᠠᠨᠠᠯ ᠨᠢᠭᠡᠳᠪᠡ᠃
ᠨᠥ᠋᠂ ᠱᠠᠻᠢᠶᠸᠪ ᠡᠨᠡ ᠡᠳᠥᠷ ᠥᠳ ᠲᠥ ᠤᠯᠠᠭᠠᠨᠪᠠᠭᠠᠲᠤᠷ ᠬᠤᠳᠠ ᠳᠤ ᠪᠤᠯᠵᠤ ᠪᠠᠢᠢᠭᠠ 《ᠠᠯᠲᠠᠢ ᠳᠠᠮᠨᠠᠭᠰᠠᠨ ᠲᠤᠭᠲᠠᠪᠤᠷᠢ ᠲᠠᠢ ᠪᠠᠢᠢᠳᠠᠯ ᠤᠨ ᠶᠠᠷᠢᠢ ᠠ ᠬᠡᠯᠡᠯᠴᠡᠭᠡ》II ᠴᠢᠭᠤᠯᠭ᠋ ᠠ ᠠᠭᠤᠯᠵᠠᠯᠲᠠ ᠳᠤ ᠬᠥᠨᠳᠥᠳᠥ ᠵᠤᠴᠢᠨ ᠢᠢᠠᠷ ᠤᠷᠤᠯᠴᠠᠵᠤ᠂ ᠢᠯᠡᠳᠬᠡᠯ ᠲᠠᠯᠪᠢᠨ᠌ ᠠ᠃ ᠡᠨᠠ ᠤᠳᠠᠭ᠋ ᠠ ᠢᠢᠨ ᠠᠢᠢᠯᠴᠢᠯᠠᠯ ᠨᠢ ᠬᠢᠷᠬᠢᠰ ᠤᠯᠤᠰ ᠤᠨ ᠫᠠᠷᠯᠠᠮᠸᠨ᠋ᠲ᠋ ᠤᠨ ᠳᠠᠷᠤᠭ᠋ ᠠ ᠢᠢᠨ ᠲᠥᠪᠰᠢᠨ ᠳᠥ ᠬᠢᠵᠥ ᠪᠤᠢ ᠠᠩᠬᠠᠨ ᠤ ᠠᠢᠢᠯᠴᠢᠯᠠᠯ ᠶᠥᠮ᠃
ᠮᠤᠩᠭ᠋ᠤᠯ ᠤᠯᠤᠰ᠂ ᠪᠥᠭᠥᠳᠠ ᠨᠠᠢᠢᠷᠠᠮᠳᠠᠬᠤ ᠬᠢᠷᠬᠢᠰ ᠤᠯᠤᠰ 1992 ᠤᠨ ᠤ 04 ᠳ᠋ᠤᠭᠡᠷ ᠰᠠᠷ ᠠ ᠢᠢᠨ 22 ᠤ ᠡᠳᠥᠷ ᠳ᠋ᠢᠫᠯᠤᠮᠠᠲ᠋ ᠬᠠᠷᠢᠯᠴᠠᠭ᠋ ᠠ ᠲᠤᠭᠲᠠᠭᠠᠵᠡᠢ᠃