Та "Internet explorer"-ийн сүүлийн хувилбар болох "Microsoft edge"-г ашиглана уу

Хэрэв "Microsoft edge"-г татах бол энд дарж татаж авна уу

2023 ᠣᠨ ᠳᠤ ᠪᠠᠲᠤᠯᠠᠭᠳᠠᠭᠰᠠᠨ ᠮᠣᠩ᠋ᠭᠣᠯ ᠤᠯᠤᠰ ᠤᠨ ᠬᠠᠤᠯᠢ ᠨᠤᠭᠤᠳ ᠲᠤ ᠲᠥᠷᠦ ᠢᠢᠨ ᠲᠠᠮᠠᠭ᠎ᠠ ᠳᠠᠷᠤᠬᠤ ᠶᠣᠰᠣᠯᠠᠯ ᠪᠣᠯᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ᠂ ᠤᠯᠤᠰ ᠤᠨ ᠶᠡᠬᠡ ᠬᠤᠷᠠᠯ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠲ᠊᠂ ᠡ᠊ᠩᠬᠡᠪᠠᠲᠤ ᠨᠠᠷ 2023 ᠣᠨ ᠳᠤ ᠪᠠᠲᠤᠯᠠᠭᠳᠠᠭᠰᠠᠨ ᠮᠣᠩ᠋ᠭᠣᠯ ᠤᠯᠤᠰ ᠤᠨ ᠬᠠᠤᠯᠢ ᠨᠤᠭᠤᠳ ᠲᠤ ᠲᠥᠷᠦ ᠢᠢᠨ ᠲᠠᠮᠠᠭ᠎ᠠ ᠳᠠᠷᠤᠯ᠎ᠠ᠃

ᠤᠯᠤᠰ ᠤᠨ ᠶᠡᠬᠡ ᠬᠤᠷᠠᠯ 2023 ᠣᠨ ᠳᠤ ᠠᠩᠬᠠᠳᠠᠭᠴᠢ ᠬᠠᠤᠯᠢ 21᠂ ᠣᠯᠠᠨ ᠤᠯᠤᠰ ᠤᠨ ᠭᠡᠷ᠎ᠡ᠂ ᠬᠡᠯᠡᠯᠴᠡᠭᠡᠷ ᠰᠣᠶᠣᠷᠬᠠᠨ ᠪᠠᠲᠤᠯᠠᠬᠤ ᠲᠤᠬᠠᠢ ᠬᠠᠤᠯᠢ 12᠂ ᠬᠠᠤᠯᠢ ᠢᠢᠨ ᠰᠢᠨᠡᠴᠢᠯᠡᠭᠰᠡᠨ ᠨᠠᠢᠢᠷᠠᠭᠤᠯᠭ᠎ᠠ 13᠂ ᠬᠠᠤᠯᠢ ᠳᠤ ᠨᠡᠮᠡᠯᠲᠡ᠂ ᠥᠭᠡᠷᠡᠴᠢᠯᠡᠯᠲᠡ ᠣᠷᠣᠭᠤᠯᠬᠤ ᠲᠤᠬᠠᠢ ᠬᠠᠤᠯᠢ 305᠂ ᠬᠠᠤᠯᠢ ᠬᠦᠴᠦᠨ ᠭᠦᠴᠤᠨ ᠥᠭᠡᠢ ᠪᠣᠯᠤᠭᠰᠠᠨ ᠳᠤ ᠲᠣᠭᠠᠴᠠᠬᠤ ᠲᠤᠬᠠᠢ ᠬᠠᠤᠯᠢ 27᠂ ᠨᠡᠢᠢᠲᠡ 378 ᠬᠠᠤᠯᠢ ᠪᠠᠲᠤᠯᠠᠭᠰᠠᠨ ᠪᠠᠢᠢᠨ᠎ᠠ᠃ ᠡᠨᠡ ᠨᠢ ᠨᠡᠢᠢᠲᠡ ᠵᠢᠷᠭᠤᠭᠠᠨ ᠪᠣᠲᠢ᠂ 1.409 ᠨᠢᠭᠡᠴᠡ ᠬᠠᠭᠤᠳᠠᠰᠤ ᠪᠣᠯᠵᠠᠢ᠃

ᠮᠣᠩ᠋ᠭᠣᠯ ᠤᠯᠤᠰ ᠤᠨ ᠦᠨᠳᠦᠰᠦᠨ ᠬᠠᠤᠯᠢ ᠳᠤ ᠵᠢᠭᠠᠭᠰᠠᠨ ᠤ ᠳᠠᠭᠠᠭᠤ ᠲᠥᠷᠦ ᠢᠢᠨ ᠲᠠᠮᠠᠭ᠎ᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠪᠠᠷᠢᠵᠤ᠂ ᠬᠠᠳᠠᠭᠠᠯᠠᠬᠤ ᠵᠢᠷᠤᠮ ᠢ ᠲᠣᠭᠲᠠᠭᠠᠳᠠᠭ ᠶᠤᠮ᠃

ᠲᠥᠷᠦ ᠢᠢᠨ ᠪᠡᠯᠭᠡ ᠲᠡᠮᠳᠡᠭ ᠦᠨ ᠲᠤᠬᠠᠢ ᠬᠠᠤᠯᠢ ᠢᠢᠨ 18 ᠳ᠋ᠤᠭᠠᠷ ᠵᠦᠢᠯ ᠦᠨ 2 ᠳ᠋ᠠᠬᠢ ᠬᠡᠰᠡᠭ ᠲᠥ ᠲᠥᠷᠦ ᠢᠢᠨ ᠲᠠᠮᠠᠭ᠎ᠠ ᠢᠢ 《ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠤᠭ ᠡᠬᠢ ᠢᠢᠨ ᠬᠠᠭᠤᠳᠠᠰᠤ ᠪᠦᠷᠢ ᠳᠡᠭᠡᠷ᠎ᠡ᠂ ᠮᠣᠩ᠋ᠭᠣᠯ ᠤᠯᠤᠰ ᠤᠨ ᠬᠠᠤᠯᠢ᠂ ᠤᠯᠤᠰ ᠤᠨ ᠶᠡᠬᠡ ᠬᠤᠷᠠᠯ ᠢᠶᠠᠷ ᠰᠣᠶᠣᠷᠬᠠᠨ ᠪᠠᠲᠤᠯᠠᠭᠰᠠᠨ ᠣᠯᠠᠨ ᠤᠯᠤᠰ ᠤᠨ ᠭᠡᠷ᠎ᠡ᠂ ᠮᠣᠩ᠋ᠭᠣᠯ ᠤᠯᠤᠰ ᠠᠴᠠ ᠭᠠᠳᠠᠭᠠᠳᠤ ᠤᠯᠤᠰ ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠬᠤ᠂ ᠴᠤᠴᠠᠯᠠᠬᠤ ᠲᠤᠬᠠᠢ ᠤᠯᠤᠰ ᠤᠨ ᠶᠡᠬᠡ ᠬᠤᠷᠠᠯ ᠤᠨ ᠰᠢᠢᠳᠪᠦᠷᠢ ᠢᠢᠨ ᠤᠭ ᠡᠬᠢ ᠢᠢᠨ ᠡᠬᠢᠨ ᠦ ᠬᠠᠭᠤᠳᠠᠰᠤ ᠳᠡᠭᠡᠷ᠎ᠡ ᠲᠤᠰ ᠲᠤᠰ ᠳᠠᠷᠤᠨ᠎ᠠ》 ᠭᠡᠵᠦ ᠵᠢᠭᠠᠭᠰᠠᠨ ᠪᠠᠢᠢᠳᠠᠭ᠃

ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ ᠬᠡᠯᠡᠭᠰᠡᠨ ᠦᠭᠡᠨ ᠳᠡᠭᠡᠨ᠂ 《ᠡᠨᠡ ᠶᠣᠰᠣᠯᠠᠯ ᠨᠢ ᠮᠣᠩ᠋ᠭᠣᠯ ᠲᠥᠷᠦ ᠢᠢᠨ ᠪᠣᠳᠣᠯᠭ᠎ᠠ ᠰᠢᠢᠳᠪᠦᠷᠢ ᠪᠣᠯᠵᠤ ᠪᠤᠢ ᠬᠠᠤᠯᠢ᠂ ᠲᠣᠭᠲᠠᠭᠠᠮᠵᠢ ᠬᠡᠯᠪᠡᠷᠢᠯᠲᠡ ᠦᠭᠡᠢ ᠪᠡᠶᠡᠯᠡᠭᠳᠡᠵᠦ ᠪᠠᠢᠢᠬᠤ ᠢᠢᠨ ᠪᠠᠲᠤᠯᠠᠭ᠎ᠠ ᠪᠣᠯᠳᠠᠭ》 ᠭᠡᠳᠡᠭ ᠢ ᠲᠡᠮᠳᠡᠭᠯᠡᠯ ᠡ᠃

《ᠬᠠᠤᠯᠢ᠂ ᠲᠣᠭᠲᠠᠭᠠᠮᠵᠢ ᠢᠢᠨ ᠤᠭ ᠡᠬᠢ ᠳᠡᠭᠡᠷ᠎ᠡ ᠲᠥᠷᠦ ᠢᠢᠨ ᠲᠠᠮᠠᠭ᠎ᠠ ᠳᠠᠷᠤᠭᠰᠠᠨ ᠢᠶᠠᠷ ᠤᠯᠤᠰ ᠤᠨ ᠶᠡᠬᠡ ᠬᠤᠷᠠᠯ ᠠᠴᠠ ᠪᠠᠲᠤᠯᠠᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠰᠣᠶᠣᠷᠬᠠᠭᠰᠠᠨ ᠬᠠᠤᠯᠢ᠂ ᠲᠣᠭᠲᠠᠭᠠᠮᠵᠢ ᠢᠢᠨ ᠤᠭ ᠡᠬᠢ ᠮᠣᠩ᠋ᠭᠣᠯ ᠲᠥᠷᠦ ᠢᠢᠨ ᠬᠠᠤᠯᠢ ᠢᠢᠨ ᠰᠠᠩ ᠳᠤ ᠠᠯᠪᠠᠨ ᠶᠣᠰᠣᠭᠠᠷ ᠬᠠᠳᠠᠭᠠᠯᠠᠭᠳᠠᠨ᠎ᠠ》 ᠭᠡᠵᠦ ᠤᠯᠤᠰ ᠤᠨ ᠶᠡᠬᠡ ᠬᠤᠷᠠᠯ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠲ᠋᠊᠂ ᠡ᠊ᠩᠬᠡᠪᠠᠲᠤ ᠬᠡᠯᠡᠯ᠎ᠡ᠃

ᠮᠣᠩ᠋ᠭᠣᠯ ᠤᠯᠤᠰ ᠤᠨ ᠬᠠᠤᠯᠢ ᠨᠤᠭᠤᠳ ᠲᠤ ᠲᠥᠷᠦ ᠢᠢᠨ ᠲᠠᠮᠠᠭ᠎ᠠ ᠳᠠᠷᠤᠬᠤ ᠶᠣᠰᠣᠯᠠᠯ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠤᠯᠤᠰ ᠤᠨ ᠶᠡᠬᠡ ᠬᠤᠷᠠᠯ ᠤᠨ ᠲᠠᠮᠠᠭ᠎ᠠ ᠢᠢᠨ ᠭᠠᠵᠠᠷ ᠬᠠᠮᠲᠤᠷᠠᠨ ᠵᠢᠯ ᠪᠦᠷᠢ ᠵᠣᠬᠢᠶᠠᠨ ᠪᠠᠢᠢᠭᠤᠯᠳᠠᠭ ᠶᠤᠮ᠃