Та "Internet explorer"-ийн сүүлийн хувилбар болох "Microsoft edge"-г ашиглана уу

Хэрэв "Microsoft edge"-г татах бол энд дарж татаж авна уу

2024 ᠣᠨ ᠤ 05 ᠳ᠋ᠤᠭᠠᠷ ᠰᠠᠷ᠎ᠠ ᠢᠢᠨ 11᠍ ᠤ ᠡᠳᠦᠷ ᠪᠦᠬᠦ ᠨᠡᠢᠢᠲᠡ ᠪᠡᠷ ᠮᠣᠳᠤ ᠲᠠᠷᠢᠬᠤ ᠡᠳᠥᠷ ᠲᠤᠬᠢᠶᠠᠨ᠎ᠠ

ᠪᠦᠬᠦ ᠨᠡᠢᠢᠲᠡ ᠪᠡᠷ ᠮᠣᠳᠣ ᠲᠠᠷᠢᠬᠤ ᠡᠳᠦᠷ ᠲᠡᠢ ᠬᠣᠯᠪᠣᠭᠳᠠᠭᠤᠯᠤᠨ ᠶᠡᠷᠦᠩᠬᠡᠢᠢᠯᠡᠭᠴᠢ ᠢᠢᠨ ᠪᠠᠢᠢᠭᠠᠯᠢ ᠣᠷᠴᠢᠨ᠂ ᠨᠣᠭᠣᠭᠠᠨ ᠬᠥᠭ᠍ᠵᠢᠯ ᠦᠨ ᠪᠣᠳᠣᠯᠭ᠎ᠠ ᠢᠢᠨ ᠵᠥᠪᠯᠡᠬᠦ ᠨ᠊᠂ ᠪᠠᠲᠤᠬᠦ᠋ᠦ ᠮᠡᠳᠡᠭᠡᠯᠡᠯ ᠥᠭ᠍ᠭᠦᠯ᠎ᠡ᠃

ᠡᠨᠡ ᠣᠨ ᠳᠤ ᠣᠷᠴᠢᠨ ᠴᠠᠭ ᠤᠨ ᠣᠢ ᠢᠢᠨ ᠰᠠᠯᠪᠤᠷᠢ ᠡᠭᠦᠰᠦᠭᠰᠡᠨ ᠦ 100 ᠵᠢᠯ ᠲᠣᠬᠢᠶᠠᠵᠤ ᠪᠠᠢᠢᠭ᠎ᠠ ᠤᠴᠢᠷ ᠡᠨᠡ ᠰᠠᠷ᠎ᠠ ᠢᠢ ᠳᠠᠭᠤᠰᠲᠠᠯ᠎ᠠ ᠲᠣᠳᠣᠷᠬᠠᠢ ᠬᠤᠪᠢᠶᠠᠷᠢ ᠭᠠᠷᠭᠠᠨ ᠠᠵᠢᠯᠯᠠᠬᠤ ᠪᠠᠷ ᠲᠥᠯᠥᠪᠯᠡᠭᠰᠡᠨ ᠪᠠᠢᠢᠨ᠎ᠠ᠃ ᠨᠡᠢᠢᠰᠯᠡᠯ ᠦᠨ ᠬᠤᠪᠢ ᠳᠤ 2024 ᠣᠨ ᠤ 05 ᠳ᠋ᠤᠭᠠᠷ ᠰᠠᠷ᠎ᠠ ᠢᠢᠨ 11-18 ᠍ ᠤ ᠡᠳᠦᠷ ᠦᠳ ᠲᠥ ᠨᠠᠢᠮᠠᠨ ᠪᠠᠢᠢᠷᠢᠰᠢᠯ ᠳᠤ ᠮᠣᠳᠣ ᠲᠠᠷᠢᠬᠤ ᠪᠥᠭᠡᠳ 300 ᠭᠠᠷᠤᠢ ᠪᠠᠢᠢᠭᠤᠯᠤᠯᠭ᠎ᠠ ᠣᠷᠣᠯᠴᠠᠬᠤ ᠪᠠᠷ ᠪᠣᠯᠵᠠᠢ᠃

21 ᠠᠢᠢᠮᠠᠭ 05 ᠳ᠋ᠤᠭᠠᠷ ᠰᠠᠷ᠎ᠠ ᠢᠢᠨ 03 ᠍ ᠤ ᠡᠳᠦᠷ ᠡᠴᠡ ᠲᠥᠪᠯᠡᠷᠡᠭᠰᠡᠨ 33 ᠪᠠᠢᠢᠷᠢᠰᠢᠯ ᠳᠤ ᠳᠥᠷᠪᠡᠨ ᠰᠠᠶ᠎ᠠ ᠬᠦᠷᠲᠡᠯ᠎ᠡ ᠮᠣᠳᠣ ᠲᠠᠷᠢᠬᠤ ᠶᠤᠮ᠃ ᠠᠢᠢᠮᠠᠭ ᠪᠦᠷᠢ 10 ᠬᠦᠷᠲᠡᠯᠡᠬᠢ ᠭᠣᠣᠯ᠂ ᠭᠣᠷᠤᠬ ᠠ ᠢᠢ ᠰᠣᠩᠭ᠋ᠣᠨ᠂ ᠨᠢᠭᠡ ᠭᠣᠣᠯ ᠳᠡᠭᠡᠷ᠎ᠡ 10 ᠭᠠ ᠬᠦᠷᠲᠡᠯ᠎ᠡ ᠲᠠᠯᠠᠪᠠᠢ ᠢᠢ ᠬᠣᠶᠠᠷ ᠵᠢᠯ ᠦᠨ ᠬᠤᠭᠤᠴᠠᠭᠠᠨ ᠳᠤ ᠣᠢᠢᠵᠢᠭᠤᠯᠬᠤ ᠪᠡᠯᠡᠳᠬᠡᠯ ᠳᠡᠭᠡᠨ ᠣᠷᠣᠭᠠᠳ ᠪᠠᠢᠢᠨ᠎ᠠ᠃

ᠣᠢ ᠢᠢᠨ ᠮᠡᠷᠭᠡᠵᠢᠯ ᠦᠨ ᠪᠠᠢᠢᠭᠤᠯᠤᠯᠭ᠎ᠠ ᠨᠤᠭᠤᠳ ᠮᠣᠳᠣ ᠲᠠᠷᠢᠬᠤ ᠲᠠᠯᠠᠪᠠᠢ᠂ ᠲᠠᠷᠢᠴᠠ᠂ ᠰᠠᠭᠤᠯᠭᠠᠴᠠ ᠪᠡᠯᠡᠳᠬᠡᠬᠦ᠂ ᠲᠠᠷᠢᠭᠰᠠᠨ ᠮᠣᠳᠣ ᠪᠠᠨ ᠵᠢᠯ ᠦᠨ ᠲᠤᠷᠰᠢ ᠤᠰᠤᠯᠠᠬᠤ᠂ ᠠᠷᠠᠴᠢᠯᠠᠬᠤ ᠴᠢᠭᠯᠡᠯ ᠢᠶᠡᠷ ᠢᠷᠭᠡᠳ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ ᠲᠡᠢ ᠬᠠᠮᠲᠤᠷᠠᠨ ᠠᠵᠢᠯᠯᠠᠨ᠎ᠠ᠃

ᠲᠡᠭᠦᠨᠴᠢᠯᠡᠨ ᠮᠣᠳᠣᠯᠢᠭ ᠤᠷᠭᠤᠮᠠᠯ ᠤᠨ ᠲᠠᠷᠢᠴᠠ᠂ ᠰᠠᠭᠤᠯᠭᠠᠴᠠ ᠢᠢᠨ ᠦᠵᠡᠰᠬᠦᠯᠡᠩ ᠬᠤᠳᠠᠯᠳᠤᠭ᠎ᠠ ᠢᠢ ᠨᠡᠢᠢᠰᠯᠡᠯ ᠳᠥ ᠭᠤᠷᠪᠠᠨ /ᠲᠩᠷᠢ ᠫᠯᠠᠽᠠ᠂ ᠮᠣᠳᠣᠯᠢᠭ ᠤᠷᠭᠤᠮᠠᠯ ᠤᠨ ᠴᠤᠭᠯᠠᠭᠤᠯᠭ᠎ᠠ ᠢᠢᠨ ᠴᠡᠴᠡᠷᠯᠢᠭ᠂ ᠢᠯᠠᠯᠲᠠ ᠢᠢᠨ ᠲᠠᠯᠠᠪᠠᠢ/ ᠪᠠᠢᠢᠷᠢᠰᠢᠯ ᠳᠤ᠂ 21 ᠠᠢᠢᠮᠠᠭ᠂ ᠰᠤᠮᠤ ᠳᠤ ᠵᠣᠬᠢᠶᠠᠨ ᠪᠠᠢᠢᠭᠤᠯᠵᠤ᠂ ᠲᠠᠷᠢᠴᠠ᠂ ᠰᠠᠭᠤᠯᠭᠠᠴᠠ ᠪᠠᠷ ᠬᠠᠩᠭ᠋ᠠᠨ᠂ ᠵᠢᠭᠠᠪᠤᠷᠢ᠂ ᠵᠥᠪᠯᠡᠮᠵᠢ ᠦᠭ᠍ᠬᠦ ᠶᠤᠮ᠃

ᠦᠷ ᠡ ᠢᠢᠨ ᠨᠥᠭᠡᠴᠡ᠂ ᠮᠣᠳᠣ ᠦᠷᠡᠵᠢᠭᠦᠯᠭᠡ ᠢᠢᠨ ᠭᠠᠵᠠᠷ ᠤᠨ ᠲᠣᠭ᠎ᠠ ᠵᠢᠯ ᠡᠴᠡ ᠵᠢᠯ ᠳᠥ ᠥᠰᠴᠦ ᠪᠠᠢᠢᠨ᠎ᠠ᠃

《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠡᠷᠡᠭᠵᠢᠯᠲᠡ ᠢᠢᠨ ᠲᠠᠯ᠎ᠠ ᠪᠠᠷ ᠣᠢ ᠢᠢᠨ ᠭᠠᠵᠠᠷ ᠤᠨ ᠳᠠᠷᠤᠭ᠎ᠠ ᠪ᠊᠂ ᠣᠶᠤᠨᠰᠠᠨᠠᠭ᠋ ᠠ ᠮᠡᠳᠡᠭᠡᠯᠡᠯ ᠥᠭ᠍ᠭᠦᠯ᠎ᠡ᠃

《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠤᠯᠤᠰ ᠤᠨ ᠬᠡᠮᠵᠢᠶᠡᠨ ᠳᠥ ᠨᠡᠢᠢᠲᠡ 39 ᠵᠦᠢᠯ ᠦᠨ 12.2 ᠲᠣᠨᠠ ᠦᠷ᠎ᠡ ᠢᠢᠨ ᠨᠥᠭᠡᠴᠡ ᠪᠦᠷᠢᠳᠦᠭᠦᠯᠦᠭᠡᠳ ᠪᠠᠢᠢᠨ᠎ᠠ᠃ 2024 ᠣᠨ ᠤ ᠦᠷ᠎ᠡ ᠢᠢᠨ ᠨᠥᠭᠡᠴᠡ ᠢᠢ 2021 ᠣᠨ ᠤ ᠬᠢ ᠲᠠᠢ ᠬᠠᠷᠢᠴᠠᠭᠤᠯᠬᠤ ᠳᠤ 84 ᠬᠤᠪᠢᠶᠠᠷᠢ ᠥᠰᠴᠠᠢ᠃

ᠮᠣᠳᠣ ᠦᠷᠡᠵᠢᠭᠦᠯᠭᠡ ᠢᠢᠨ ᠴᠢᠭᠯᠡᠯ ᠢᠶᠡᠷ ᠦᠢᠯᠡ ᠠᠵᠢᠯᠯᠠᠭ᠎ᠠ ᠡᠷᠬᠢᠯᠡᠬᠦ ᠢᠷᠭᠡᠨ᠂ ᠨᠥᠬᠥᠷᠯᠡᠯ᠂ ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ ᠢᠢᠨ ᠲᠣᠭ᠎ᠠ 2023 ᠣᠨ ᠤ ᠪᠠᠢᠢᠳᠠᠯ ᠢᠶᠠᠷ 452 ᠲ᠋ᠤ ᠬᠦᠷᠦᠭᠰᠡᠨ᠃ ᠡᠨᠡ ᠨᠢ ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ 32 ᠬᠤᠪᠢᠶᠠᠷᠢ ᠨᠡᠮᠡᠭᠳᠡᠭᠰᠡᠨ ᠭᠡᠰᠡᠨ ᠦᠭᠡ ᠶᠤᠮ᠃

ᠡᠳᠡᠭᠡᠷ ᠭᠠᠵᠠᠷ ᠥᠩᠭᠡᠷᠡᠭᠰᠡᠨ ᠵᠢᠯ 63 ᠰᠠᠶ᠎ᠠ ᠰᠢᠷᠬᠡᠭ᠌ ᠲᠠᠷᠢᠴᠠ᠂ ᠰᠠᠭᠤᠯᠭᠠᠴᠠ ᠢᠢᠨ ᠨᠥᠭᠡᠴᠡ ᠪᠦᠷᠢᠳᠦᠭᠦᠯᠦᠭᠰᠡᠨ ᠨᠢ 2021 ᠣᠨ ᠲᠠᠢ ᠬᠠᠷᠢᠴᠠᠭᠤᠯᠬᠤ ᠳᠤ 41 ᠬᠤᠪᠢᠶᠠᠷᠢ ᠥᠰᠴᠠᠢ᠃ ᠰᠠᠯᠪᠤᠷᠢ ᠢᠢᠨ ᠬᠡᠮᠵᠢᠶᠡᠨ ᠳᠥ 2023 ᠣᠨ ᠳᠤ ᠨᠡᠢᠢᠲᠡ 273 ᠮᠢᠩᠭ᠋ᠠᠨ ᠭᠠ ᠲᠠᠯᠠᠪᠠᠢ ᠳᠤ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠬᠦ ᠠᠵᠢᠯ ᠬᠢᠵᠦ᠂ 960 ᠰᠠᠢ ᠠ ᠮᠣᠳᠣ ᠢᠢ ᠳᠣᠷᠣᠢᠢᠲᠠᠯ ᠳᠤ ᠥᠷᠲᠥᠨ᠂ ᠬᠠᠳᠠᠵᠤ ᠬᠠᠭᠤᠷᠠᠢᠢᠰᠢᠬᠤ ᠠᠴᠠ ᠬᠠᠮᠠᠭᠠᠯᠠᠵᠤ ᠴᠢᠳᠠᠭᠰᠠᠨ ᠪᠠᠢᠢᠨ᠎ᠠ᠃

2024 ᠣᠨ ᠳᠤ ᠤᠯᠤᠰ ᠤᠨ ᠲᠥᠰᠥᠪ ᠦᠨ ᠬᠥᠷᠥᠩᠭᠡ ᠪᠡᠷ᠄

• 4 ᠮᠢᠩᠭ᠋ᠠᠨ ᠭᠠ ᠲᠠᠯᠠᠪᠠᠢ ᠢᠢ ᠣᠢᠢᠵᠢᠭᠤᠯᠬᠤ᠂ ᠨᠥᠬᠥᠨ ᠰᠡᠷᠭᠦᠭᠡᠬᠦ᠂ ᠭᠣᠣᠯ ᠨᠠᠭᠤᠷ ᠤᠳ ᠤᠨ ᠲᠠᠲᠠᠮ ᠢ ᠣᠢᠢᠵᠢᠭᠤᠯᠬᠤ ᠵᠣᠷᠢᠯᠭ᠎ᠠ ᠪᠠᠷ 3.1 ᠰᠠᠶ᠎ᠠ ᠮᠣᠳᠣ ᠲᠠᠷᠢᠨ᠎ᠠ᠂

• 8 ᠰᠠᠶ᠎ᠠ ᠭᠠ ᠲᠠᠯᠠᠪᠠᠢ ᠳᠤ ᠣᠢ ᠢᠢᠨ ᠵᠣᠬᠢᠶᠠᠨ ᠪᠠᠢᠢᠭᠤᠯᠤᠯᠲᠠ ᠢᠢᠨ ᠠᠵᠢᠯ ᠬᠢᠵᠦ᠂ ᠣᠢ ᠢᠢᠨ ᠲᠥᠯᠥᠪ ᠪᠠᠢᠢᠳᠠᠯ ᠢ ᠦᠨᠡᠯᠡᠨ᠎ᠡ᠂

• ᠲᠦᠢᠮᠡᠷ ᠦᠨ 500 ᠻᠢᠯᠣᠮᠧᠲ᠋ᠷ ᠬᠠᠯᠵᠠ ᠪᠣᠯᠤᠨ ᠰᠢᠷᠤᠶ ᠢᠢᠨ ᠵᠤᠷᠪᠤᠰ ᠰᠢᠨ᠎ᠡ ᠪᠡᠷ ᠪᠠᠢᠢᠭᠤᠯᠵᠤ᠂ ᠡᠮᠦᠨ᠎ᠡ ᠪᠠᠢᠢᠭᠤᠯᠤᠭᠰᠠᠨ ᠢ ᠰᠡᠷᠭᠦᠭᠡᠨ᠎ᠡ᠂

• 330 ᠮᠢᠩᠭ᠋ᠠᠨ ᠭᠠ ᠲᠠᠯᠠᠪᠠᠢ ᠳᠤ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠨ᠂ 1.2 ᠲᠡᠷᠪᠤᠮ ᠮᠣᠳᠣ ᠢᠢ ᠳᠣᠷᠣᠢᠢᠲᠠᠯ ᠳᠤ ᠥᠷᠲᠥᠬᠦ ᠡᠴᠡ ᠰᠡᠷᠭᠡᠢᠢᠯᠡᠨ᠎ᠡ᠂

• 3 ᠮᠢᠩᠭ᠋ᠠᠨ ᠭᠠ ᠲᠠᠯᠠᠪᠠᠢ ᠳᠤ ᠣᠢ ᠢᠢᠨ ᠠᠷᠠᠴᠢᠯᠠᠭ᠎ᠠ᠂ ᠴᠡᠪᠡᠷᠯᠡᠭᠡ ᠬᠢᠨ᠎ᠡ᠂

• 130 ᠭᠠ ᠲᠠᠯᠠᠪᠠᠢ ᠳᠤ ᠬᠠᠮᠠᠭᠠᠯᠠᠯᠲᠠ ᠢᠢᠨ ᠣᠢ ᠢᠢᠨ ᠵᠤᠷᠪᠤᠰ ᠪᠠᠢᠢᠭᠤᠯᠤᠨ᠎ᠠ᠂

• ᠮᠣᠳᠣ ᠦᠷᠡᠵᠢᠭᠦᠯᠭᠡ ᠢᠢᠨ ᠭᠠᠵᠠᠷ ᠤᠳ ᠲᠤ ᠲᠧᠭᠨᠢᠭ᠂ ᠲᠣᠨᠣᠭ ᠲᠥᠬᠦᠭᠡᠷᠦᠮᠵᠢ ᠢᠢᠨ ᠳᠡᠮᠵᠢᠯᠭᠡ ᠦᠵᠡᠭᠦᠯᠦᠨ᠎ᠡ᠃