ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠪ ᠠᠢᠢᠮᠠᠭ ᠤᠨ ᠪᠠᠲᠤᠰᠦ᠋ᠮᠪᠦᠷ ᠰᠤᠮᠤ ᠢᠢᠨ ᠨᠤᠲᠤᠭ ᠲᠤ ᠪᠠᠢᠢᠷᠢᠯᠠᠬᠤ᠂ ᠬᠠᠯᠠᠮᠵᠢ ᠢᠢᠨ ᠰᠠᠯᠪᠤᠷᠢ ᠢᠢᠨ ᠤᠤᠭᠠᠨ ᠪᠠᠢᠢᠭᠤᠯᠤᠯᠭ᠎ᠠ-ᠠᠬᠠᠮᠠᠳ ᠨᠠᠰᠤᠲᠠᠨ ᠤ ᠦᠨᠳᠦᠰᠦᠨ ᠦ ᠲᠥᠪ ᠲᠥ ᠠᠵᠢᠯᠯᠠᠯ᠎ᠠ᠃
ᠶᠡᠷᠦᠩᠬᠡᠢᠢᠯᠡᠭᠴᠢ ᠲᠥᠷᠦ᠂ ᠵᠠᠰᠠᠭ ᠠᠴᠠ ᠠᠬᠠᠮᠠᠳ ᠤᠳ ᠤᠨ ᠲᠡᠳᠬᠦᠪᠦᠷᠢ᠂ ᠲᠡᠳᠬᠦᠮᠵᠢ᠂ ᠨᠡᠢᠢᠭᠡᠮ ᠦᠨ ᠬᠠᠮᠠᠭᠠᠯᠠᠯ ᠵᠡᠷᠭᠡ ᠳᠥ ᠣᠨᠴᠠᠭᠠᠢ ᠠᠩᠬᠠᠷᠴᠤ ᠪᠠᠢᠢᠭ᠎ᠠ ᠢᠢ ᠬᠡᠯᠡᠭᠡᠳ᠂ ᠤᠳᠠᠬᠤ ᠦᠭᠡᠢ ᠲᠣᠬᠢᠶᠠᠬᠤ ᠲᠤᠰ ᠲᠥᠪ ᠦᠨ 100 ᠵᠢᠯ ᠦᠨ ᠣᠢ ᠢᠢᠨ ᠪᠠᠶᠠᠷ ᠤᠨ ᠮᠡᠨᠳᠦ ᠬᠦᠷᠭᠡᠵᠦ᠂ ᠡᠷᠡᠭᠦᠯ ᠡ᠊ᠩᠬᠡ᠂ ᠰᠠᠢᠢᠨ ᠰᠠᠢᠢᠬᠠᠨ ᠢ ᠬᠦᠰᠡᠨ ᠢᠷᠦᠭᠡᠪᠡ᠃
ᠠᠬᠠᠮᠠᠳ ᠨᠠᠰᠤᠲᠠᠨ ᠤ ᠦᠨᠳᠦᠰᠦᠨ ᠦ ᠲᠥᠪ ᠨᠢ ᠠᠰᠠᠷᠠᠨ ᠬᠠᠮᠠᠭᠠᠯᠠᠬᠤ᠂ ᠬᠠᠷᠠᠭᠠᠯᠵᠠᠨ ᠳᠡᠮᠵᠢᠬᠦ ᠲᠥᠷᠦᠯ ᠰᠠᠳᠤᠨ ᠥᠭᠡᠢ᠂ ᠪᠡᠶ᠎ᠡ ᠳᠠᠭᠠᠭᠠᠨ ᠠᠮᠢᠳᠤᠷᠠᠬᠤ ᠴᠢᠳᠠᠪᠤᠷᠢ ᠦᠭᠡᠢ᠂ ᠭᠠᠭᠴᠠ ᠪᠡᠶ᠎ᠡ᠂ ᠪᠠᠢᠢᠩ᠋ᠭᠤ ᠢᠢᠨ ᠡᠮᠴᠢᠯᠡᠭᠡ᠂ ᠠᠰᠠᠷᠠᠭ᠎ᠠ ᠱᠠᠭᠠᠷᠳᠠᠯᠭ᠎ᠠ ᠲᠠᠢ ᠪᠣᠯᠤᠨ ᠬᠥᠭ᠍ᠵᠢᠯ ᠦᠨ ᠪᠡᠷᠬᠡᠰᠢᠶᠡᠯᠲᠡᠢ ᠢᠷᠭᠡᠳ ᠢ ᠪᠠᠢᠢᠷᠢᠯᠠᠭᠤᠯᠵᠤ᠂ ᠬᠣᠭᠣᠯᠠ᠂ ᠬᠤᠪᠴᠠᠰᠤ᠂ ᠡᠷᠡᠭᠦᠯ ᠮᠡᠨᠳᠦ᠂ ᠠᠰᠠᠷᠠᠭ᠎ᠠ ᠰᠤᠪᠢᠯᠠᠭ᠎ᠠ᠂ ᠨᠥᠬᠦᠨ ᠰᠡᠷᠭᠦᠭᠡᠬᠦ᠂ ᠰᠡᠳᠬᠢᠯ ᠵᠦᠢ᠂ ᠰᠣᠶᠣᠯ ᠵᠡᠷᠭᠡ ᠦᠢᠯᠡᠴᠢᠯᠡᠭᠡ ᠢᠢ ᠬᠠᠤᠯᠢ ᠳᠤ ᠵᠢᠭᠠᠭᠰᠠᠨ ᠤ ᠳᠠᠭᠠᠭᠤ ᠦᠵᠡᠭᠦᠯᠳᠡᠭ᠃
ᠥᠨᠥᠳᠥᠷ ᠦᠨ ᠪᠠᠢᠢᠳᠠᠯ ᠢᠶᠠᠷ 14 ᠠᠢᠢᠮᠠᠭ᠂ ᠨᠡᠢᠢᠰᠯᠡᠯ ᠦᠨ 182 ᠠᠬᠠᠮᠠᠳ ᠨᠠᠰᠤᠲᠠᠨ᠂ ᠬᠥᠭ᠍ᠵᠢᠯ ᠦᠨ ᠪᠡᠷᠬᠡᠰᠢᠶᠡᠯᠲᠡᠢ ᠢᠷᠭᠡᠨ ᠠᠮᠢᠳᠤᠷᠠᠵᠤ ᠪᠠᠢᠢᠭ᠎ᠠ ᠢᠢᠨ 117 ᠨᠢ ᠡᠷᠡᠭᠲᠡᠢ᠂ 65 ᠨᠢ ᠡᠮᠡᠭᠲᠡᠢ ᠶᠤᠮ᠃
ᠪᠠᠲᠤᠰᠦ᠋ᠮᠪᠦᠷ ᠰᠤᠮᠤ ᠢᠢᠨ ᠲᠥᠪ ᠡᠴᠡ ᠠᠬᠠᠮᠠᠳ ᠨᠠᠰᠤᠲᠠᠨ ᠤ ᠦᠨᠳᠦᠰᠦᠨ ᠦ ᠲᠥᠪ ᠬᠦᠷᠲᠡᠯ᠎ᠡ 7.7 ᠻᠢᠯᠣᠮᠧᠲ᠋ᠷ ᠵᠠᠮ ᠢ ᠬᠠᠲᠠᠭᠤ ᠬᠤᠴᠢᠯᠲᠠ ᠲᠠᠢ ᠪᠣᠯᠭᠠᠬᠤ ᠬᠥᠷᠦᠩ᠋ᠭᠡ ᠡᠴᠡ ᠭᠠᠳᠠᠨ᠎ᠠ ᠪᠠᠷᠢᠯᠭ᠎ᠠ ᠢᠢᠨ ᠳᠡᠭᠡᠪᠦᠷ᠂ ᠠᠭᠤᠷ ᠤᠨ ᠵᠤᠤᠬ᠎ᠠ ᠢᠢ ᠰᠢᠨᠡᠳᠭᠡᠬᠦ᠂ ᠠᠬᠠᠮᠠᠳ ᠤᠳ ᠲᠤ ᠨᠡᠩ ᠱᠠᠭᠠᠷᠳᠠᠯᠭ᠎ᠠ ᠲᠠᠢ ᠠᠦ᠋ᠲ᠋ᠣᠪᠦ᠋ᠰ ᠵᠡᠷᠭᠡ ᠢᠢ ᠬᠤᠳᠠᠯᠳᠤᠨ ᠠᠪᠬᠤ 500 ᠭᠠᠷᠤᠢ ᠰᠠᠶ᠎ᠠ ᠲᠥᠭᠦᠷᠢᠭ᠌ ᠢ 2024 ᠣᠨ ᠤ ᠲᠥᠰᠦᠪ ᠲᠥ ᠲᠤᠰᠬᠠᠭᠰᠠᠨ ᠪᠠᠢᠢᠨ᠎ᠠ᠃
2010 ᠣᠨ ᠳᠤ 10 ᠬᠦᠮᠦᠨ ᠲᠤᠲᠤᠮ ᠤᠨ ᠨᠢᠭᠡ ᠨᠢ ᠠᠬᠠᠮᠠᠳ ᠨᠠᠰᠤᠲᠠᠨ ᠪᠠᠢᠢᠭᠰᠠᠨ ᠪᠣᠯ 2040 ᠣᠨ ᠭᠡᠬᠦ ᠳᠥ ᠲᠠᠪᠤᠨ ᠬᠦᠮᠦᠨ ᠦ ᠨᠢᠭᠡ ᠨᠢ ᠠᠬᠠᠮᠠᠳ ᠨᠠᠰᠤᠲᠠᠨ ᠪᠣᠯᠬᠤ ᠲᠣᠭᠠᠴᠠᠭᠠᠯᠠᠯ ᠪᠤᠢ᠃
ᠬᠦᠮᠦᠨ ᠦ ᠡᠷᠬᠡ ᠢᠢᠨ ᠦᠨᠳᠦᠰᠦᠨ ᠦ ᠻᠣᠮᠢᠰᠰ ᠤᠨ 2022 ᠣᠨ ᠤ ᠲᠠᠢᠢᠯᠤᠨ ᠠᠴᠠ ᠦᠵᠡᠪᠡᠯ᠂ ᠠᠬᠠᠮᠠᠳ ᠨᠠᠰᠤᠲᠠᠨ ᠤ ᠭᠡᠷ ᠪᠦᠯᠢ ᠪᠣᠯᠤᠨ ᠬᠠᠤᠯᠢ ᠶᠣᠰᠣᠨ ᠤ ᠦᠷ᠎ᠡ ᠬᠡᠦᠬᠡᠳ᠂ ᠠᠬ᠎ᠠ ᠳᠡᠭᠦᠦ ᠨᠠᠷ ᠨᠢ ᠬᠠᠷᠠᠵᠤ ᠬᠠᠨᠳᠤᠬᠤ ᠡᠭᠦᠷᠭᠡ ᠪᠡᠨ ᠪᠡᠶᠡᠯᠡᠭᠦᠯᠬᠦ ᠡᠴᠡ ᠵᠠᠢᠢᠯᠠᠰᠬᠢᠬᠤ᠂ ᠦᠷ᠎ᠡ ᠬᠡᠦᠬᠡᠳ ᠨᠢ ᠡᠴᠢᠭᠡ᠂ ᠡᠬᠡ ᠪᠡᠨ ᠢᠯᠭᠠᠪᠤᠷᠢᠯᠠᠨ ᠭᠠᠳᠠᠭᠤᠷᠬᠠᠬᠤ᠂ ᠭᠡᠷ ᠡᠴᠡ ᠪᠡᠨ ᠬᠥᠭᠡᠭᠡᠬᠦ᠂ ᠡᠳ᠋ ᠬᠥᠷᠥᠩ᠋ᠭᠡ᠂ ᠲᠡᠳᠬᠦᠪᠦᠷᠢ ᠢᠢ ᠨᠢ ᠵᠠᠪᠰᠢᠬᠤ᠂ ᠬᠦᠴᠦ ᠪᠡᠷ ᠠᠪᠬᠤ ᠵᠡᠷᠭᠡ ᠪᠡᠷ ᠡᠷᠬᠡ ᠢᠢ ᠨᠢ ᠵᠦᠷᠢᠴᠡᠬᠦ ᠲᠣᠬᠢᠶᠠᠯᠳᠤᠯ ᠴᠥᠭᠡᠨ ᠦᠭᠡᠢ ᠪᠠᠢᠢᠨ᠎ᠠ᠃
ᠴᠢᠨᠠᠭᠰᠢᠳᠠ ᠠᠢᠢᠮᠠᠭ ᠤᠳ ᠲᠤ ᠠᠬᠠᠮᠠᠳ ᠤᠳ ᠲᠤ ᠵᠣᠷᠢᠭᠤᠯᠤᠭᠰᠠᠨ ᠠᠰᠠᠷᠠᠮᠵᠢ ᠢᠢᠨ ᠭᠠᠵᠠᠷ᠂ ᠡᠳᠦᠷ ᠥᠨᠵᠢᠭᠦᠯᠬᠦ ᠲᠥᠪ ᠪᠠᠢᠢᠭᠤᠯᠬᠤ᠂ ᠡᠨᠡ ᠴᠢᠭᠯᠡᠯ ᠢᠶᠡᠷ ᠲᠥᠷᠥ ᠢᠢᠨ ᠪᠤᠰᠤ ᠪᠠᠢᠢᠭᠤᠯᠤᠯᠭ᠎ᠠ᠂ ᠬᠤᠪᠢ ᠢᠢᠨ ᠬᠡᠪᠰᠢᠯ᠂ ᠢᠷᠭᠡᠳ ᠦᠨ ᠰᠠᠨᠠᠭᠠᠴᠢᠯᠠᠭ᠎ᠠ ᠢᠢ ᠳᠡᠮᠵᠢᠬᠦ᠂ ᠠᠬᠠᠮᠠᠳ ᠤᠳ ᠤᠨ ᠬᠥᠳᠡᠯᠮᠦᠷᠢ ᠡᠷᠬᠢᠯᠡᠯᠲᠡ᠂ ᠭᠡᠷ ᠪᠦᠯᠢ ᠳ᠋ᠡᠬᠢ ᠰᠡᠳᠬᠢᠯ ᠰᠠᠨᠠᠭ᠎ᠠ᠂ ᠪᠡᠶ᠎ᠡ ᠮᠠᠬᠠᠪᠣᠳ᠂ ᠦᠯᠦ ᠬᠠᠢᠢᠬᠤᠷᠬᠤ ᠬᠦᠴᠦᠷᠬᠡᠢᠢᠯᠡᠯ ᠳᠥ ᠥᠷᠲᠥᠬᠦ ᠡᠴᠡ ᠰᠡᠷᠭᠡᠢᠢᠯᠡᠬᠦ ᠵᠡᠷᠭᠡ ᠢᠢ ᠲᠤᠰᠬᠠᠭᠰᠠᠨ ᠠᠬᠠᠮᠠᠳ ᠨᠠᠰᠤᠲᠠᠨ ᠤ ᠲᠤᠬᠠᠢ ᠬᠠᠤᠯᠢ ᠢᠢᠨ ᠰᠢᠨᠡᠴᠢᠯᠡᠭᠰᠡᠨ ᠨᠠᠢᠢᠷᠠᠭᠤᠯᠭ᠎ᠠ ᠢᠢᠨ ᠲᠥᠰᠥᠯ ᠢ ᠤᠯᠤᠰ ᠤᠨ ᠶᠡᠬᠡ ᠬᠤᠷᠠᠯ ᠪᠠᠷ ᠬᠡᠯᠡᠯᠴᠡᠭᠦᠯᠬᠦ ᠭᠡᠵᠦ ᠪᠠᠢᠢᠭ᠎ᠠ ᠢᠢ ᠬᠥᠳᠡᠯᠮᠦᠷᠢ᠂ ᠨᠡᠢᠢᠭᠡᠮ ᠤᠨ ᠬᠠᠮᠠᠭᠠᠯᠠᠯ ᠤᠨ ᠰᠠᠢᠢᠳ ᠬᠥ᠊᠂ ᠪᠤᠯᠠᠭᠠᠨᠲᠤᠶᠠᠭ᠎ᠠ ᠬᠡᠯᠡᠯ᠎ᠡ᠃
ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ ᠲᠣᠭᠲᠠᠭᠠᠯ ᠢᠶᠠᠷ 2024 ᠣᠨ ᠤ 04 ᠳ᠋ᠤᠭᠡᠷ ᠰᠠᠷ᠎ᠠ ᠢᠢᠨ 01 ᠍ ᠦ ᠡᠳᠦᠷ ᠡᠴᠡ ᠠᠵᠢᠯᠲᠠᠨ ᠨᠤᠭᠤᠳ ᠤᠨ ᠦᠨᠳᠦᠰᠦᠨ ᠴᠠᠯᠢᠩ᠂ ᠣᠷᠣᠨ ᠨᠤᠲᠤᠭ ᠲᠤ ᠠᠵᠢᠯᠯᠠᠭᠰᠠᠨ ᠤ ᠨᠡᠮᠡᠭᠳᠡᠯ ᠢ ᠲᠣᠳᠣᠷᠬᠠᠢ ᠬᠤᠪᠢᠶᠠᠷᠢ ᠨᠡᠮᠡᠭᠰᠡᠨ ᠳᠥ ᠲᠥᠪ ᠦᠨ ᠤᠳᠤᠷᠢᠳᠤᠯᠭ᠎ᠠ᠂ ᠠᠵᠢᠯᠲᠠᠨ ᠨᠤᠭᠤᠳ ᠲᠠᠯᠠᠷᠬᠠᠯ ᠲᠠᠢ ᠪᠠᠢᠢᠨ᠎ᠠ᠃ ᠣᠳᠣ ᠪᠠᠷ ᠨᠠᠷᠢᠨ ᠮᠡᠷᠭᠡᠵᠢᠯ ᠦᠨ ᠡᠮᠴᠢ᠂ ᠰᠤᠪᠢᠯᠠᠭᠴᠢ ᠳᠤᠲᠠᠮᠠᠭ ᠪᠠᠢᠢᠭ᠎ᠠ ᠲᠤᠬᠠᠢ ᠲᠥᠪ ᠦᠨ ᠳᠠᠷᠤᠭ᠎ᠠ ᠯ᠊᠂ ᠡᠷᠳᠡᠨᠢᠬᠦ᠋ᠦ ᠬᠡᠯᠡᠯ᠎ᠡ᠃
1924 ᠣᠨ ᠳᠤ ᠮᠠᠷᠱᠠᠯ ᠬᠤ᠊᠂ ᠴᠣᠢᠢᠪᠠᠯᠰᠠᠩ ᠰᠠᠨᠠᠭᠠᠴᠢᠯᠠᠭ᠎ᠠ ᠭᠠᠷᠭᠠᠨ ᠨᠡᠢᠢᠰᠯᠡᠯ ᠬᠦᠷᠢᠶᠡᠨ ᠳᠥ 《ᠥᠨᠥᠴᠢᠨ ᠶᠠᠳᠠᠭᠤᠰ ᠢ ᠲᠡᠳᠭᠦᠬᠦ ᠭᠠᠵᠠᠷ》 ᠪᠠᠢᠢᠭᠤᠯᠤᠭᠰᠠᠨ ᠨᠢ ᠥᠨᠥ ᠢᠢᠨ ᠦᠨᠳᠦᠰᠦᠨ ᠦ ᠲᠥᠪ ᠦᠨ ᠰᠠᠭᠤᠷᠢ ᠪᠣᠯᠤᠭᠰᠠᠨ ᠲᠡᠦᠬᠡ ᠲᠡᠢ᠃ 1956 ᠣᠨ ᠠᠴᠠ ᠬᠡᠨᠲᠡᠢ ᠠᠢᠢᠮᠠᠭ ᠤᠨ ᠴᠡᠩᠬᠡᠷᠮᠠᠨᠳᠠᠯ ᠰᠤᠮᠤ᠂ 1967 ᠣᠨ ᠠᠴᠠ ᠬᠣᠢᠢᠰᠢ ᠣᠳᠣ ᠢᠢ ᠬᠦᠷᠲᠡᠯ᠎ᠡ ᠪᠠᠲᠤᠰᠦ᠋ᠮᠪᠦᠷ ᠰᠤᠮᠤ ᠢᠢᠨ ᠪᠠᠶᠠᠭᠤᠤᠯ ᠤᠨ ᠠᠮᠠᠨ ᠳᠤ ᠦᠢᠯᠡ ᠠᠵᠢᠯᠯᠠᠭ᠎ᠠ ᠶᠠᠪᠤᠭᠤᠯᠵᠤ ᠪᠠᠢᠢᠨ᠎ᠠ᠃
ᠤᠯᠤᠰ ᠤᠨ ᠬᠡᠮᠵᠢᠶᠡᠨ ᠳᠥ ᠠᠬᠠᠮᠠᠳ ᠨᠠᠰᠤᠲᠠᠨ᠂ ᠬᠥᠭ᠍ᠵᠢᠯ ᠦᠨ ᠪᠡᠷᠬᠡᠰᠢᠶᠡᠯᠲᠡᠢ ᠢᠷᠭᠡᠨ ᠦ ᠲᠥᠷᠦᠯᠵᠢᠭᠰᠡᠨ ᠠᠰᠠᠷᠠᠮᠵᠢ ᠢᠢᠨ ᠴᠢᠭᠯᠡᠯ ᠢᠶᠡᠷ ᠲᠥᠷᠥ᠂ ᠬᠤᠪᠢ ᠢᠢᠨ ᠬᠡᠪᠰᠢᠯ ᠦᠨ 12 ᠠᠰᠠᠷᠠᠮᠵᠢ ᠢᠢᠨ ᠭᠠᠵᠠᠷ ᠠᠵᠢᠯᠯᠠᠳᠠᠭ᠃ ᠡᠳᠡᠭᠡᠷ ᠲᠥ 400 ᠭᠠᠷᠤᠢ ᠠᠬᠠᠮᠠᠳ ᠨᠠᠰᠤᠲᠠᠨ ᠠᠮᠢᠳᠤᠷᠠᠵᠤ ᠪᠠᠢᠢᠨ᠎ᠠ᠃