ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠡᠮᠦᠨᠡᠭᠣᠪᠢ ᠠᠢᠢᠮᠠᠭ ᠤᠨ ᠳᠠᠯᠠᠨᠵᠠᠳᠠᠭᠠᠳ ᠰᠤᠮᠤ᠂ 《ᠪᠤᠶᠠᠨ-ᠣᠳᠣ》 ᠬᠢ᠊᠂ ᠬᠤ᠊᠂ ᠻᠤ᠂ ᠬᠠᠮᠲᠤᠷᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠮᠣᠳᠣ ᠲᠠᠷᠢᠵᠤ᠂ ᠤᠷᠭᠤᠭᠤᠯᠬᠤ ᠠᠶᠠᠨ ᠥᠷᠨᠢᠭᠦᠯᠦᠨ᠎ᠡ᠃
ᠡᠨᠡ ᠲᠤᠬᠠᠢ ᠰᠠᠨᠠᠮᠵᠢ ᠪᠢᠴᠢᠭ᠌ ᠲᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠢ ᠲᠥᠯᠦᠭᠡᠯᠡᠵᠦ ᠶᠡᠷᠦᠩᠬᠡᠢᠢᠯᠡᠭᠴᠢ ᠢᠢᠨ ᠬᠡᠪᠯᠡᠯ ᠮᠡᠳᠡᠭᠡᠯᠡᠯ ᠦᠨ ᠠᠯᠪᠠᠨ ᠤ ᠳᠠᠷᠤᠭ᠎ᠠ ᠥ᠊᠂ ᠵᠣᠯᠪᠠᠶᠠᠷ᠂ ᠡᠮᠦᠨᠡᠭᠣᠪᠢ ᠠᠢᠢᠮᠠᠭ ᠤᠨ ᠳᠠᠯᠠᠨᠵᠠᠳᠠᠭᠠᠳ ᠰᠤᠮᠤ ᠢᠢ ᠲᠥᠯᠦᠭᠡᠯᠡᠵᠦ ᠲᠤᠰ ᠰᠤᠮᠤ ᠢᠢᠨ ᠵᠠᠰᠠᠭ ᠳᠠᠷᠤᠭ᠎ᠠ ᠪᠥᠭᠡᠳ ᠬᠣᠲᠠ ᠢᠢᠨ ᠵᠠᠬᠢᠷᠤᠭᠴᠢ ᠬ᠂ ᠪᠠᠲᠤᠪᠤᠯᠤᠳ᠂ 《ᠪᠤᠶᠠᠨ-ᠣᠳᠣ》ᠬᠢ᠊᠂ ᠬᠤ᠊᠂ ᠻᠤ᠂ ᠍ ᠢ ᠲᠥᠯᠦᠭᠡᠯᠡᠵᠦ ᠲᠤᠰ ᠻᠣᠮᠫᠠᠨᠢ ᠢᠢᠨ ᠶᠡᠷᠦᠩᠬᠡᠢ ᠵᠠᠬᠢᠷᠤᠯ ᠸ᠂ ᠪᠤᠶᠠᠨᠲᠣᠭᠲᠠᠬᠤ ᠨᠠᠷ ᠭᠠᠷ ᠤᠨ ᠦᠰᠦᠭ ᠵᠢᠷᠤᠯ᠎ᠠ᠃
ᠰᠠᠨᠠᠮᠵᠢ ᠪᠢᠴᠢᠭ᠌ ᠦᠨ ᠬᠦᠷᠢᠶᠡᠨ ᠳᠥ ᠡᠮᠦᠨᠡᠭᠣᠪᠢ ᠠᠢᠢᠮᠠᠭ ᠤᠨ ᠳᠠᠯᠠᠨᠵᠠᠳᠠᠭᠠᠳ ᠰᠤᠮᠤᠨ ᠳᠤ 14 ᠭᠠ ᠲᠠᠯᠠᠪᠠᠢ ᠪᠦᠬᠦᠢ 《ᠭᠣᠪᠢ ᠬᠠᠩᠭ᠋ᠠᠢ ᠲᠥᠭᠡᠯ》 ᠴᠡᠴᠡᠷᠯᠢᠭ ᠲᠥ ᠬᠦᠷᠢᠶᠡᠯᠡᠩ ᠪᠠᠢᠢᠭᠤᠯᠵᠤ᠂ ᠬᠠᠩᠭ᠋ᠠᠢ ᠢᠢᠨ ᠪᠥᠰᠡ ᠡᠴᠡ 4.000 ᠰᠢᠷᠬᠡᠭ᠌ ᠤᠯᠢᠶᠠᠰᠤ᠂ ᠬᠠᠢᠢᠯᠠᠰᠤ ᠮᠣᠳᠣᠨ ᠤ ᠲᠠᠷᠢᠴᠠ᠂ ᠰᠠᠭᠤᠯᠭᠠᠴᠠ ᠠᠪᠴᠢᠷᠠᠵᠤ᠂ ᠲᠠᠷᠢᠵᠤ᠂ ᠤᠷᠭᠤᠭᠤᠯᠬᠤ ᠪᠠᠷ ᠪᠣᠯᠤᠯ᠎ᠠ᠃
ᠱᠠᠭᠠᠷᠳᠠᠭᠳᠠᠬᠤ ᠬᠥᠷᠥᠩ᠋ᠭᠡ ᠢᠢ 《ᠪᠤᠶᠠᠨ-ᠣᠳᠣ》ᠬᠢ᠊᠂ ᠬᠤ᠊᠂ ᠻᠤ᠂ ᠭᠠᠷᠭᠠᠬᠤ ᠪᠥᠭᠡᠳ ᠳᠠᠯᠠᠨᠵᠠᠳᠠᠭᠠᠳ ᠰᠤᠮᠤ ᠢᠢᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ ᠤᠰᠤᠯᠠᠭ᠎ᠠ᠂ ᠠᠷᠠᠴᠢᠯᠠᠭ᠎ᠠ᠂ ᠲᠣᠷᠳᠠᠯᠭᠠ ᠢᠢ ᠨᠢ ᠪᠦᠷᠢᠨ ᠬᠠᠷᠢᠭᠤᠴᠠᠨ᠎ᠠ᠃ 《ᠪᠤᠶᠠᠨ-ᠣᠳᠣ》ᠬᠢ᠊᠂ ᠬᠤ᠊᠂ ᠻᠤ᠂ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠳᠡᠮᠵᠢᠨ᠂ ᠴᠡᠴᠡᠷᠯᠢᠭ ᠲᠥ ᠬᠦᠷᠢᠶᠡᠯᠡᠩ ᠪᠠᠢᠢᠭᠤᠯᠬᠤ᠂ ᠲᠠᠷᠢᠴᠠ᠂ ᠰᠠᠭᠤᠯᠭᠠᠴᠠ ᠨᠡᠢᠢᠯᠡᠭᠦᠯᠬᠦ ᠰᠠᠨᠠᠭᠠᠴᠢᠯᠠᠭ᠎ᠠ ᠭᠠᠷᠭᠠᠭᠰᠠᠨ ᠶᠤᠮ᠃
ᠲᠤᠰ ᠻᠣᠮᠫᠠᠨᠢ 2001-2014 ᠣᠨ ᠳᠤ ᠰᠡᠯᠡᠩ᠋ᠭᠡ ᠠᠢᠢᠮᠠᠭ ᠤᠨ ᠲᠤᠵᠢ ᠢᠢᠨ ᠨᠠᠷᠠᠰᠤ ᠢᠢ ᠨᠥᠬᠥᠨ ᠰᠡᠷᠭᠦᠭᠡᠬᠦ ᠳᠥ ᠬᠤᠪᠢ ᠨᠡᠮᠡᠷᠢ ᠪᠡᠨ ᠣᠷᠣᠭᠤᠯᠵᠤ᠂ 20 ᠭᠠᠷᠤᠢ ᠰᠠᠶ᠎ᠠ ᠮᠣᠳᠣ ᠲᠠᠷᠢᠵᠤ᠂ ᠤᠷᠭᠤᠭᠤᠯᠤᠨ᠂ ᠣᠢ ᠢᠢᠨ ᠰᠠᠩ ᠳᠤ ᠬᠦᠯᠢᠶᠡᠯᠭᠡᠨ ᠥᠭᠴᠦ ᠪᠠᠢᠢᠵᠠᠢ᠃
《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠦᠨ ᠭᠠᠷᠭᠠᠵᠤ ᠪᠠᠢᠢᠭ᠎ᠠ ᠠᠯᠢᠪᠠ ᠰᠠᠨᠠᠯ᠂ ᠰᠠᠨᠠᠭᠠᠴᠢᠯᠠᠭ᠎ᠠ ᠢᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠪᠦᠬᠦ ᠲᠠᠯ᠎ᠠ ᠪᠠᠷ ᠳᠡᠮᠵᠢᠵᠦ᠂ ᠬᠠᠮᠲᠤᠷᠠᠨ ᠠᠵᠢᠯᠯᠠᠨ᠎ᠠ ᠭᠡᠳᠡᠭ ᠢ ᠶᠡᠷᠦᠩᠬᠡᠢᠢᠯᠡᠭᠴᠢ ᠢᠢᠨ ᠬᠡᠪᠯᠡᠯ ᠮᠡᠳᠡᠭᠡᠯᠡᠯ ᠦᠨ ᠠᠯᠪᠠᠨ ᠤ ᠳᠠᠷᠤᠭ᠎ᠠ ᠥ᠊᠂ ᠵᠣᠯᠪᠠᠶᠠᠷ ᠬᠡᠯᠡᠯ᠎ᠡ᠃