Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠢᠢᠨ ᠥᠷᠭᠡᠳᠬᠡᠭᠰᠡᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠯ᠎ᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠥᠷᠭᠡᠳᠬᠡᠭ᠍ᠰᠡᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ᠂ ᠣᠷᠣᠯᠴᠠᠭᠴᠢ ᠣᠷᠣᠨ ᠨᠤᠭᠤᠳ ᠪᠣᠯᠤᠨ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠤᠨ ᠲᠥᠯᠥᠭᠡᠯᠡᠭᠴᠢᠳ ᠦᠨ ᠲᠡᠷᠢᠭᠦᠨ ᠨᠠᠷ ᠤᠨ ᠥᠷᠭᠡᠳᠬᠡᠭ᠍ᠰᠡᠨ ᠬᠤᠷᠠᠯᠳᠤᠭᠠᠨ ᠳᠤ ᠣᠷᠣᠯᠴᠠᠵᠤ ᠪᠠᠢᠢᠨ᠎ᠠ᠃

 

ᠬᠤᠷᠠᠯᠳᠤᠭᠠᠨ ᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠱᠢ ᠵᠢᠩ ᠫᠢᠩ ᠠᠯᠪᠠᠨ ᠶᠣᠰᠣᠭᠠᠷ ᠨᠡᠭᠡᠭᠡᠬᠦ ᠳᠥ ᠪᠡᠨ᠂ 《ᠠᠯᠤᠰ ᠬᠣᠯᠠ ᠠᠴᠠ ᠢᠷᠡᠭᠰᠡᠨ ᠨᠠᠢᠢᠵᠠ ᠨᠠᠷ ᠢ ᠬᠦᠯᠢᠶᠡᠨ ᠠᠪᠬᠤ ᠶᠠᠮᠠᠷ ᠭᠠᠢᠢᠬᠠᠯᠲᠠᠢ ᠶᠤᠮ ᠪᠤᠢ》 ᠬᠡᠮᠡᠨ ᠺᠥᠨᠽ ᠤᠨ ᠬᠡᠯᠡᠭᠰᠡᠨ ᠦᠭᠡᠨ ᠡᠴᠡ ᠡᠰᠢ ᠲᠠᠲᠠᠯ᠎ᠠ᠃ ᠮᠥᠨ ᠡᠨᠡᠳᠬᠡᠭ᠌ ᠪᠣᠯᠤᠨ ᠫᠠᠺᠢᠰᠲ᠋ᠠᠨ ᠤᠯᠤᠰ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠣᠷᠣᠨ ᠢᠶᠠᠷ ᠡᠯᠰᠡᠭᠰᠡᠨ ᠡᠴᠡ ᠬᠣᠢᠢᠰᠢ ᠪᠣᠯᠵᠤ ᠪᠤᠢ ᠠᠩᠬᠠᠨ ᠤ ᠬᠤᠷᠠᠯᠳᠤᠭᠠᠨ ᠭᠡᠳᠡᠭ ᠢ ᠴᠣᠬᠣᠨ ᠲᠡᠮᠳᠡᠭᠯᠡᠵᠦ᠂ ᠵᠢᠯ ᠢᠷᠡᠬᠦ ᠪᠦᠷ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠴᠠᠷ᠎ᠠ ᠬᠦᠷᠢᠶ᠎ᠡ ᠤᠯᠠᠮ ᠨᠡᠮᠡᠭᠳᠡᠵᠦ ᠪᠠᠢᠢᠭ᠎ᠠ ᠢᠢ ᠬᠡᠯᠡᠭᠡᠳ ᠳᠥᠷᠪᠡᠨ ᠠᠵᠢᠭᠯᠠᠭᠴᠢ ᠤᠯᠤᠰ᠂ ᠵᠢᠷᠭᠤᠭᠠᠨ ᠶᠠᠷᠢᠶ᠎ᠠ ᠬᠡᠯᠡᠯᠴᠡᠭᠡᠨ ᠦ ᠲᠦᠩᠰᠢ ᠣᠷᠣᠨ ᠨᠤᠭᠤᠳ ᠲᠠᠢ ᠬᠠᠮᠲᠤᠷᠠᠨ ᠠᠵᠢᠯᠯᠠᠵᠤ ᠪᠠᠢᠢᠭ᠎ᠠ ᠲᠠᠯ᠎ᠠ ᠪᠠᠷ ᠬᠡᠯᠡᠪᠡ᠃

 

ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠳᠦᠷᠢᠮ ᠦᠨ ᠳᠠᠭᠠᠭᠤ ᠥᠷᠭᠡᠳᠬᠡᠭ᠍ᠰᠡᠨ ᠬᠤᠷᠠᠯᠳᠤᠭᠠᠨ ᠢ᠂ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢ ᠡᠭᠡᠯᠵᠢ ᠢᠢᠨ ᠳᠠᠭᠠᠭᠤ ᠳᠠᠷᠤᠭᠠᠯᠠᠵᠤ ᠪᠠᠢᠢᠭ᠎ᠠ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠱᠢ ᠵᠢᠩ ᠫᠢᠩ ᠦᠭᠡ ᠬᠡᠯᠡᠵᠦ᠂ ᠳᠠᠷᠠᠭ᠎ᠠ ᠨᠢ ᠭᠡᠰᠢᠭᠦᠨ ᠣᠷᠣᠨ ᠨᠤᠭᠤᠳ ᠤᠨ ᠲᠥᠷᠥ ᠢᠢᠨ ᠲᠡᠷᠢᠭᠦᠨ ᠨᠦᠭᠦᠳ ᠦᠭᠡ ᠬᠡᠯᠡᠭᠰᠡᠨ ᠶᠤᠮ᠃