《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠳᠡᠮᠵᠢᠨ 《ᠪᠤᠶᠠᠨ-ᠣᠳᠣ》 ᠬᠢ᠊᠂ ᠬᠠ᠊᠂ ᠻᠤ᠂ ᠢᠢᠨ ᠰᠠᠨᠠᠭᠠᠴᠢᠯᠠᠭ᠎ᠠ ᠪᠠᠷ ᠳᠠᠯᠠᠨᠵᠠᠳᠠᠭᠠᠳ ᠰᠤᠮᠤᠨ ᠳᠤ ᠴᠡᠴᠡᠷᠯᠢᠭ ᠲᠥ ᠬᠦᠷᠢᠶᠡᠯᠡᠩ ᠪᠠᠢᠢᠭᠤᠯᠬᠤ ᠳᠤ ᠬᠠᠮᠲᠤᠷᠠᠨ ᠠᠵᠢᠯᠯᠠᠬᠤ ᠰᠠᠨᠠᠮᠵᠢ ᠪᠢᠴᠢᠭ᠌ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠳᠠᠯᠠᠨᠵᠠᠳᠠᠭᠠᠳ ᠰᠤᠮᠤ ᠢᠢᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ᠂ 《ᠪᠤᠶᠠᠨ-ᠣᠳᠣ》ᠬᠢ᠊᠂ ᠬᠠ᠊᠂ ᠻᠤ᠂ 05 ᠳ᠋ᠤᠭᠠᠷ ᠰᠠᠷ᠎ᠠ ᠢᠢᠨ 04 ᠍ ᠦ ᠡᠳᠦᠷ ᠪᠠᠢᠢᠭᠤᠯᠤᠭᠰᠠᠨ ᠶᠤᠮ᠃
ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠳ᠋ ᠳᠠᠷᠤᠭ᠎ᠠ ᠠ᠊᠂ ᠦᠢᠯᠡᠰᠲᠡᠭᠦᠯᠳᠡᠷ᠂ ᠶᠡᠷᠦᠩᠬᠡᠢᠢᠯᠡᠭᠴᠢ ᠢᠢᠨ ᠪᠠᠢᠢᠭᠠᠯᠢ ᠣᠷᠴᠢᠨ᠂ ᠨᠣᠭᠣᠭᠠᠨ ᠬᠥᠭ᠍ᠵᠢᠯ ᠦᠨ ᠪᠣᠳᠣᠯᠭ᠎ᠠ ᠢᠢᠨ ᠵᠥᠪᠯᠡᠬᠦ ᠨ᠊᠂ ᠪᠠᠲᠤᠬᠦ᠋ᠦ᠂ ᠶᠡᠷᠦᠩᠬᠡᠢᠢᠯᠡᠭᠴᠢ ᠢᠢᠨ ᠬᠡᠪᠯᠡᠯ ᠦᠨ ᠲᠥᠯᠦᠭᠡᠯᠡᠭᠴᠢ ᠪᠥᠭᠡᠳ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠬᠡᠪᠯᠡᠯ ᠮᠡᠳᠡᠭᠡᠯᠡᠯ ᠦᠨ ᠠᠯᠪᠠᠨ ᠤ ᠳᠠᠷᠤᠭ᠎ᠠ ᠥ᠊᠂ ᠵᠣᠯᠪᠠᠶᠠᠷ᠂ ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨ᠋ᠲ᠋ᠯᠢᠭ ᠣᠢ ᠢᠢᠨ ᠭᠠᠵᠠᠷ ᠤᠨ ᠳᠠᠷᠤᠭ᠎ᠠ ᠪ᠊᠂ ᠣᠶᠤᠨᠰᠠᠨᠠᠭ᠋ ᠠ ᠨᠠᠷ ᠳᠠᠯᠠᠨᠵᠠᠳᠠᠭᠠᠳ ᠰᠤᠮᠤᠨ ᠳᠤ ᠠᠵᠢᠯᠯᠠᠵᠤ᠂ 《ᠭᠣᠪᠢ ᠬᠠᠩᠭ᠋ᠠᠢ ᠲᠥᠭᠡᠯ》 ᠴᠡᠴᠡᠷᠯᠢᠭ ᠲᠥ ᠬᠦᠷᠢᠶᠡᠯᠡᠩ ᠢ ᠪᠠᠢᠢᠭᠤᠯᠬᠤ ᠠᠵᠢᠯ ᠢ ᠡᠬᠢᠯᠡᠭᠦᠯᠦᠯ᠎ᠡ᠃
《ᠪᠤᠶᠠᠨ-ᠣᠳᠣ》ᠬᠢ᠊᠂ ᠬᠠ᠊᠂ ᠻᠤ᠂ ᠨᠢ 《ᠭᠣᠪᠢ ᠬᠠᠩᠭ᠋ᠠᠢ ᠲᠥᠭᠡᠯ》 ᠴᠡᠴᠡᠷᠯᠢᠭ ᠲᠥ ᠬᠦᠷᠢᠶᠡᠯᠡᠩ ᠳᠥ 14 ᠭᠠ ᠲᠠᠯᠠᠪᠠᠢ ᠳᠤ ᠤᠯᠢᠶᠠᠰᠤ᠂ ᠬᠠᠢᠢᠯᠠᠰᠤ᠂ ᠠᠭᠴᠢ ᠵᠡᠷᠭᠡ ᠮᠣᠳᠣᠨ ᠤ 4.000 ᠰᠠᠭᠤᠯᠭᠠᠴᠠ ᠢᠢ ᠥᠪᠡᠷ ᠦᠨ ᠵᠠᠷᠤᠳᠠᠯ ᠢᠶᠠᠷ ᠲᠠᠷᠢᠵᠤ᠂ ᠠᠷᠠᠴᠢᠯᠠᠭ᠎ᠠ᠂ ᠤᠰᠤᠯᠠᠭᠠᠨ ᠤ ᠠᠵᠢᠯ ᠢ ᠳᠠᠯᠠᠨᠵᠠᠳᠠᠭᠠᠳ ᠰᠤᠮᠤ ᠢᠢᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ ᠬᠠᠷᠢᠭᠤᠴᠠᠬᠤ ᠶᠤᠮ᠃
ᠲᠤᠰ ᠻᠣᠮᠫᠠᠨᠢ ᠨᠢ 2000 ᠣᠨ ᠠᠴᠠ ᠡᠬᠢᠯᠡᠨ 40 ᠰᠠᠶ᠎ᠠ ᠲᠠᠷᠢᠴᠠ ᠤᠷᠭᠤᠭᠤᠯᠤᠭᠰᠠᠨ ᠠᠴᠠ 30 ᠭᠠᠷᠤᠢ ᠰᠠᠶ᠎ᠠ ᠲᠠᠷᠢᠴᠠ ᠢᠢ ᠣᠢᠢᠵᠢᠭᠤᠯᠤᠯᠲᠠ ᠳᠤ ᠰᠢᠯᠵᠢᠭᠦᠯᠵᠦ᠂ 10 ᠣᠷᠴᠢᠮ ᠰᠠᠶ᠎ᠠ ᠲᠠᠷᠢᠴᠠ ᠢᠢ ᠵᠠᠬ᠎ᠠ ᠵᠡᠭᠡᠯᠢ ᠳᠥ ᠨᠡᠢᠢᠯᠡᠭᠦᠯᠦᠭᠰᠡᠨ ᠪᠠᠢᠢᠨ᠎ᠠ᠃
ᠠᠷᠠᠴᠢᠯᠠᠭ᠎ᠠ᠂ ᠤᠰᠤᠯᠠᠭ᠎ᠠ ᠢᠢ ᠴᠢᠨᠠᠷᠲᠠᠢ ᠭᠦᠢᠴᠡᠳᠭᠡᠵᠦ ᠴᠢᠳᠠᠪᠠᠯ ᠬᠠᠩᠭ᠋ᠠᠢ ᠢᠢᠨ ᠪᠦᠰᠡ ᠳᠥ ᠪᠣᠢᠢᠵᠢᠭᠤᠯᠤᠭᠰᠠᠨ ᠮᠣᠳᠣ ᠨᠤᠭᠤᠳ ᠤᠨ ᠰᠠᠭᠤᠯᠭᠠᠴᠠ ᠢᠢ ᠭᠣᠪᠢ ᠢᠢᠨ ᠬᠥᠷᠦᠰᠦᠨ ᠳᠥ ᠤᠷᠭᠤᠭᠤᠯᠬᠤ ᠪᠣᠯᠤᠮᠵᠢ ᠲᠠᠢ ᠭᠡᠵᠦ ᠦᠵᠡᠵᠦ ᠪᠤᠢ ᠪᠠᠨ 《ᠪᠤᠶᠠᠨ-ᠣᠳᠣ》ᠬᠢ᠊᠂ ᠬᠠ᠊᠂ ᠻᠤ᠂ ᠢᠢᠨ ᠶᠡᠷᠦᠩᠬᠡᠢ ᠵᠠᠬᠢᠷᠤᠯ ᠸ᠂ ᠪᠤᠶᠠᠨᠲᠠᠣᠭᠲᠠᠬᠤ ᠣᠨᠴᠠᠯᠠᠯ᠎ᠠ᠃
ᠶᠡᠷᠦᠩᠬᠡᠢᠢᠯᠡᠭᠴᠢ ᠢᠢᠨ ᠬᠡᠪᠯᠡᠯ ᠦᠨ ᠲᠥᠯᠥᠭᠡᠯᠡᠭᠴᠢ ᠪᠥᠭᠡᠳ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠬᠡᠪᠯᠡᠯ ᠮᠡᠳᠡᠭᠡᠯᠡᠯ ᠦᠨ ᠠᠯᠪᠠᠨ ᠤ ᠳᠠᠷᠤᠭ᠎ᠠ ᠥ᠊᠂ ᠵᠣᠯᠪᠠᠶᠠᠷ ᠡᠨᠡ ᠦᠶ᠎ᠡ ᠪᠡᠷ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠳᠡᠮᠵᠢᠨ ᠡᠨᠡᠬᠦ ᠰᠠᠨᠠᠭᠠᠴᠢᠯᠠᠭ᠎ᠠ ᠢᠢ ᠭᠠᠷᠭᠠᠭᠰᠠᠨ 《ᠪᠤᠶᠠᠨ-ᠣᠳᠣ》ᠬᠢ᠊᠂ ᠬᠠ᠊᠂ ᠻᠤ᠂ ᠍ ᠢᠢᠨ ᠬᠠᠮᠲᠤ ᠣᠯᠠᠨ᠂ ᠰᠠᠨᠠᠭᠠᠴᠢᠯᠠᠭ᠎ᠠ ᠢᠢ ᠳᠡᠮᠵᠢᠨ ᠪᠣᠳᠠᠲᠤ ᠠᠵᠢᠯ ᠪᠣᠯᠬᠤ ᠨᠥᠬᠥᠴᠡᠯ ᠢ ᠪᠦᠷᠢᠳᠦᠭᠦᠯᠦᠭᠰᠡᠨ ᠳᠠᠯᠠᠨᠵᠠᠳᠠᠭᠠᠳ ᠰᠤᠮᠤ ᠢᠢᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ ᠲᠤ ᠲᠠᠯᠠᠷᠬᠠᠯ ᠢᠯᠡᠷᠬᠡᠢᠢᠯᠡᠵᠦ᠂ ᠠᠮᠵᠢᠯᠲᠠ ᠬᠦᠰᠡᠯ᠎ᠡ᠃